10 ᠰᠠᠷ᠎ᠠ᠎ᠶᠢᠨ 13᠎ᠦ ᠦᠳᠡ᠎ᠶᠢᠨ ᠡᠮᠦᠨ᠎ᠡ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠡᠴᠡ ᠭᠣᠣᠯᠯᠠᠨ ᠡᠷᠬᠢᠯᠡᠭᠰᠡᠨ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ᠎ᠤᠨ ᠭᠤᠷᠪᠠᠳᠠᠭᠢ ᠬᠤᠭᠤᠴᠠᠭ᠎ᠠ ᠥᠪᠦᠷ ᠮᠣᠩᠭᠤᠯ᠎ᠤᠨ ᠠᠷᠠᠳ᠎ᠤᠨ ᠬᠤᠷᠠᠯ᠎ᠤᠨ ᠲᠠᠩᠬᠢᠮ᠎ᠳᠤ ᠶᠠᠪᠤᠭᠳᠠᠪᠠ᠃ ᠱᠢᠨ ᠳ᠋ᠦᠩ ᠹᠠᠩ᠎ᠤᠨ ᠡᠭᠦᠳᠦᠨ ᠪᠠᠢᠭᠤᠯᠤᠭᠴᠢ᠂ ᠱᠢᠨ ᠳ᠋ᠦᠩ ᠹᠠᠩ ᠨᠡᠷᠡᠮᠵᠢᠲᠦ ᠰᠤᠷᠭᠠᠨ ᠬᠥᠮᠦᠵᠢᠯ ᠱᠢᠨᠵᠢᠯᠡᠬᠦ ᠤᠬᠠᠭᠠᠨ ᠮᠡᠷᠭᠡᠵᠢᠯ᠎ᠦᠨ ᠪᠦᠯᠦᠭᠯᠡᠯ᠎ᠦᠨ ᠬᠡᠷᠡᠭ ᠮᠡᠳᠡᠭᠴᠢᠳ᠎ᠦᠨ ᠲᠠᠷᠤᠭ᠎ᠠ ᠢᠦᠢ ᠮᠢᠨ ᠬᠣᠩ ᠶᠠᠷᠢᠶᠠᠨ᠎ᠤ ᠲᠠᠪᠴᠠᠩ᠎ᠳᠤ ᠤᠷᠢᠭᠳᠠᠨ 《ᠰᠤᠷᠭᠠᠨ ᠬᠥᠮᠦᠵᠢᠯ᠎ᠦᠨ ᠬᠠᠢᠷ᠎ᠠ ᠰᠡᠳᠬᠢᠯᠭᠡ ᠪᠠ ᠬᠤᠪᠢ ᠬᠥᠮᠦᠨ᠎ᠦ ᠦᠰᠦᠨ ᠪᠣᠢᠵᠢᠯᠲᠠ》 ᠭᠡᠬᠦ ᠲᠤᠰᠭᠠᠢ ᠰᠡᠳᠦᠪᠲᠦ ᠲᠠᠢᠯᠤᠮᠵᠢ ᠬᠢᠵᠡᠢ᠃
ᠢᠦᠢ ᠮᠢᠨ ᠬᠣᠩ ᠶᠠᠷᠢᠭᠰᠠᠨ᠎ᠨᠢ᠂ ᠠᠮᠢᠳᠤᠷᠠᠯ ᠬᠡᠳᠦᠢ ᠳᠥᠭᠦᠮ ᠪᠣᠯ ᠲᠡᠳᠦᠢ ᠵᠣᠯ ᠵᠢᠷᠭᠠᠯ᠎ᠲᠠᠢ᠂ ᠨᠣᠮ ᠤᠩᠱᠢᠬᠤ᠂ ᠵᠣᠬᠢᠶᠠᠨ ᠪᠢᠴᠢᠬᠦ᠂ ᠵᠤᠭᠠᠴᠠᠯ ᠪᠣᠯ ᠲᠡᠭᠦᠨ᠎ᠦ ᠠᠮᠢᠳᠤᠷᠠᠯ᠎ᠤᠨ ᠬᠥᠭᠡᠭᠡᠴᠡᠯᠳᠦᠯ ᠮᠦᠨ᠃ ᠰᠤᠷᠭᠠᠨ ᠬᠥᠮᠦᠵᠢᠯ᠎ᠦᠨ ᠲᠤᠬᠠᠢ ᠶᠠᠷᠢᠬᠤ᠎ᠳᠤ᠎ᠪᠠᠨ ᠲᠡᠷᠡ᠄ 《ᠣᠳᠤᠬᠠᠨ᠎ᠳᠤ ᠨᠠᠶᠠᠭᠠᠳ ᠣᠨ᠎ᠤ ᠠᠢᠯ᠎ᠤᠨ ᠭᠠᠭᠴᠠ ᠬᠡᠤᠬᠡᠳᠦ᠋ᠳ ᠡᠴᠢᠭᠡ ᠡᠬᠡ ᠪᠣᠯᠤᠭᠰᠠᠨ᠎ᠤ ᠳᠠᠷᠠᠭ᠎ᠠ᠂ ᠣᠯᠠᠩᠬᠢ᠎ᠨᠢ ᠬᠡᠦᠭᠡᠳ᠎ᠢᠶᠡᠨ ᠰᠤᠷᠭᠠᠵᠤ ᠴᠢᠳᠠᠬᠤ᠎ᠦᠭᠡᠢ ᠪᠠᠢᠨ᠎ᠠ᠂ ᠡᠢᠮᠦ᠎ᠡᠴᠡ ᠭᠡᠷ ᠪᠦᠯᠢ᠎ᠶᠢᠨ ᠬᠥᠮᠦᠵᠢᠯ᠎ᠢ ᠣᠯᠠᠨ᠎ᠢᠶᠠᠷ᠎ᠢᠶᠠᠨ ᠬᠦᠨᠳᠦᠳᠬᠡᠨ ᠦᠵᠡᠵᠦ ᠰᠤᠷᠤᠯᠴᠠᠬᠤ ᠴᠢᠬᠤᠯᠠᠲᠠᠢ ᠪᠣᠯᠤᠭᠠᠳ ᠪᠠᠢᠨ᠎ᠠ》 ᠭᠡᠵᠡᠢ᠃ ᠢᠦᠢ ᠮᠢᠨ ᠬᠣᠩ ᠬᠤᠳᠠᠯᠳᠤᠭ᠎ᠠ ᠡᠷᠬᠢᠯᠡᠭᠡᠳ 30 ᠵᠢᠯ᠎ᠤᠨ ᠨᠢᠭᠤᠷ ᠦᠵᠡᠵᠦ ᠪᠤᠢ᠂ ᠲᠡᠭᠦᠨ᠎ᠦ ᠦᠵᠡᠬᠦ᠎ᠪᠡᠷ ᠴᠢᠨᠠᠷᠯᠢᠭ ᠪᠦᠲᠦᠭᠡᠭᠳᠡᠬᠦᠨ ᠪᠣᠯ ᠬᠥᠭᠵᠢᠯᠲᠡ᠎ᠶᠢᠨ ᠬᠠᠮᠤᠭ᠎ᠤᠨ ᠰᠠᠢᠨ ᠠᠷᠭ᠎ᠠ᠂ ᠦᠨᠡᠨᠴᠢ ᠢᠲᠡᠭᠡᠮᠵᠢᠲᠡᠢ᠎ᠪᠠᠷ ᠦᠨᠡᠨ ᠰᠡᠳᠬᠢᠯ᠎ᠡᠴᠡ᠎ᠪᠡᠨ ᠠᠵᠢᠯᠲᠠᠨ ᠪᠠ ᠬᠡᠷᠡᠭᠯᠡᠭᠴᠢ᠎ᠳᠦ ᠬᠠᠨᠳᠤᠪᠠᠯ ᠰᠠᠶᠢ ᠤᠷᠲᠤ ᠬᠤᠭᠤᠴᠠᠭᠠᠨ᠎ᠤ ᠢᠲᠡᠭᠡᠯ᠎ᠢ ᠣᠯᠵᠤ ᠴᠢᠳᠠᠨ᠎ᠠ᠂ ᠱᠢᠯᠢᠳᠡᠭ ᠪᠦᠯᠬᠦᠮ ᠨᠡᠢᠲᠡ ᠪᠣᠯ ᠠᠵᠢᠯ ᠦᠢᠯᠡᠰ᠎ᠦᠨ ᠲᠠᠪᠱᠢᠯᠲᠠ᠎ᠶᠢ ᠪᠠᠲᠤᠯᠠᠬᠤ ᠰᠠᠭᠤᠷᠢ ᠮᠥᠨ᠃ 2 ᠴᠠᠭ ᠱᠢᠬᠠᠮ᠎ᠤᠨ ᠶᠠᠷᠢᠶᠠᠨ᠎ᠳᠤ ᠢᠦᠢ ᠮᠢᠨ ᠬᠣᠩ ᠭᠣᠤᠯᠳᠠᠭᠤ ᠰᠤᠷᠤᠯᠴᠠᠯᠭ᠎ᠠ᠂ ᠠᠮᠢᠳᠤᠷᠠᠯ᠂ ᠦᠢᠯᠡᠰ ᠪᠣᠰᠭᠠᠬᠤ ᠵᠠᠮ᠎ᠠᠴᠠ ᠬᠤᠪᠢ ᠬᠥᠮᠦᠨ᠎ᠦ ᠥᠩᠭᠡᠷᠡᠯᠲᠡ᠂ ᠵᠠᠩ ᠠᠭᠠᠱᠢ᠂ ᠳᠤᠷ᠎ᠠ ᠪᠠᠬ᠎ᠠ ᠵᠡᠷᠭᠡ᠎ᠶᠢ ᠶᠠᠷᠢᠵᠤ᠂ ᠦᠭᠡ ᠬᠡᠯᠡ᠎ᠨᠢ ᠠᠮᠢᠳᠤᠯᠢᠭ ᠶᠦᠮᠦᠷᠯᠢᠭ ᠪᠠᠢᠵᠤ᠂ ᠦᠵᠡᠭᠴᠢᠳ ᠨᠢᠵᠢᠭᠢᠨᠡᠲᠡᠯ᠎ᠡ ᠠᠯᠠᠭ᠎ᠠ ᠲᠠᠱᠢᠵᠠᠭᠠᠨ ᠲᠣᠬᠠᠢ᠎ᠶᠢᠨ ᠲᠠᠯᠠᠪᠠᠢ᠎ᠶᠢᠨ ᠠᠭᠤᠷ ᠠᠮᠢᠰᠭᠤᠯ ᠬᠦᠷ ᠬᠥᠭᠵᠢᠶᠡᠨ᠎ᠢᠶᠡᠷ ᠪᠢᠯᠬᠠᠵᠠᠢ᠃
ᠢᠦᠢ ᠮᠢᠨ ᠬᠣᠩ᠂ 1962 ᠣᠨ᠎ᠳᠤ ᠨᠢᠭᠡᠨ ᠡᠩ᠎ᠦᠨ ᠬᠥᠳᠡᠭᠡ ᠲᠣᠰᠭᠤᠨ᠎ᠤ ᠭᠡᠷ ᠪᠦᠯᠢ᠎ᠳᠦ ᠲᠥᠷᠦᠪᠡ᠂ ᠲᠡᠭᠡᠳᠦ ᠰᠤᠷᠭᠠᠭᠤᠯᠢ᠎ᠳᠤ ᠰᠤᠷᠤᠭᠴᠢ ᠡᠯᠰᠡᠬᠦ ᠱᠢᠯᠭᠠᠯᠲᠠ᠎ᠳᠤ ᠬᠣᠶᠠᠷ ᠤᠳᠠᠭ᠎ᠠ ᠣᠷᠤᠯᠴᠠᠵᠤ ᠭᠣᠭᠤᠵᠢᠭᠳᠠᠭᠰᠠᠨ ᠪᠣᠯᠪᠠᠴᠤ ᠵᠣᠷᠢᠭ ᠮᠣᠬᠤᠯᠦᠭᠡᠢᠪᠡᠷ ᠱᠢᠮᠳᠠᠵᠤ 1980 ᠣᠨ᠎ᠳᠤ ᠪᠡᠭᠡᠵᠢᠩ ᠶᠡᠬᠡ ᠰᠤᠷᠭᠠᠭᠤᠯᠢ᠎ᠶᠢᠨ ᠦᠷᠦᠨᠡᠳᠠᠬᠢᠨ᠎ᠤ ᠬᠡᠯᠡᠨ᠎ᠦ ᠰᠠᠯᠪᠤᠷᠢ᠎ᠳᠤ ᠤᠷᠤᠭᠱᠢᠲᠠᠢ ᠱᠢᠯᠭᠠᠨ ᠣᠷᠤᠪᠠ᠃ 1993 ᠣᠨ᠎ᠤ 11 ᠰᠠᠷ᠎ᠠ᠎ᠳᠤ᠂ ᠨᠢᠭᠡᠨᠲᠡ ᠰᠤᠷᠭᠠᠭᠤᠯᠢ᠎ᠳᠤ᠎ᠪᠠᠨ ᠦᠯᠡᠳᠡᠵᠦ ᠠᠵᠢᠯᠯᠠᠭᠰᠠᠨ ᠢᠦᠢ ᠮᠢᠨ ᠬᠣᠩ ᠪᠠᠭᠱᠢ᠎ᠶᠢᠨ ᠠᠵᠢᠯ᠎ᠢᠶᠠᠨ ᠬᠠᠶᠠᠵᠤ ᠬᠤᠳᠠᠯᠳᠤᠭ᠎ᠠ ᠡᠷᠬᠢᠯᠡᠨ ᠱᠢᠨ ᠳ᠋ᠦᠩ ᠹᠠᠩ ᠨᠡᠷᠡᠮᠵᠢᠲᠦ ᠰᠤᠷᠭᠠᠭᠤᠯᠢ᠎ᠶᠢ ᠡᠭᠦᠳᠦᠨ ᠪᠠᠢᠭᠤᠯᠵᠤ᠂ 34 ᠬᠣᠲᠠ᠎ᠳᠤ ᠠᠩᠭᠯᠢ ᠬᠡᠯᠡᠨ᠎ᠦ ᠰᠤᠷᠭᠠᠭᠤᠯᠢ ᠪᠠ ᠪᠤᠰᠤᠳ ᠰᠤᠷᠤᠯᠴᠠᠬᠤ ᠲᠥᠪ᠎ᠢ ᠪᠠᠢᠭᠤᠯᠵᠠᠢ᠃ 2009 ᠣᠨ᠎ᠤ CCTV ᠠᠵᠤ ᠠᠬᠤᠢ᠎ᠶᠢᠨ ᠰᠣᠳᠤᠨ ᠬᠥᠮᠦᠰ᠎ᠦᠨ ᠱᠠᠩᠨᠠᠯ ᠣᠯᠭᠤᠬᠤ ᠶᠠᠷᠢᠶᠠᠨ᠎ᠳᠤ ᠢᠤᠢ ᠮᠢᠨ ᠬᠣᠩ᠎ᠢ᠄ 《ᠨᠢᠭᠡᠨ ᠠᠩᠭᠢ ᠤᠬᠤᠷᠢᠵᠤ ᠥᠩᠭᠡᠷᠡᠭᠰᠡᠨ ᠰᠤᠷᠤᠭᠴᠢ ᠲᠣᠭ᠎ᠠ ᠲᠣᠮᠱᠢ ᠥᠬᠡᠢ ᠰᠤᠷᠤᠭᠴᠢᠳ᠎ᠤᠨ ᠨᠢᠭᠡ ᠨᠠᠰᠤ᠎ᠶᠢ ᠭᠡᠭᠡᠷᠡᠭᠦᠯᠪᠡ; ᠲᠡᠷᠡ ᠶᠡᠷᠦ᠎ᠡᠴᠡ ᠭᠠᠳᠠᠭᠠᠳᠤ᠎ᠳᠤ ᠰᠤᠷᠤᠯᠴᠠᠵᠤ ᠥᠩᠭᠡᠷᠡᠭᠡ᠎ᠦᠭᠡᠢ ᠬᠠᠷᠢᠨ ᠨᠢᠭᠡᠨ ᠰᠠᠯᠠᠭ᠎ᠠ ᠤᠯᠤᠰ ᠠᠯᠤᠰᠯᠠᠭᠰᠠᠨ ᠬᠥᠯᠭᠡ ᠣᠩᠭᠤᠴᠠᠨ ᠠᠩᠭᠢ ᠪᠠᠢᠭᠤᠯᠵᠠᠢ᠃ ᠲᠡᠭᠦᠨ᠎ᠦ ᠶᠠᠷᠢᠶ᠎ᠠ ᠢᠯᠡᠳᠬᠡᠯ᠎ᠨᠢ 26 ᠴᠠᠭᠠᠨ ᠲᠣᠯᠤᠭᠠᠢ᠎ᠪᠠᠷ ᠦᠷᠦᠨ᠎ᠡ ᠳᠣᠷᠤᠨ᠎ᠠ᠎ᠶᠢ ᠬᠣᠯᠪᠤᠪᠠ᠃ ᠲᠡᠷᠡ ᠴᠡᠭᠡᠵᠢᠨ᠎ᠳᠤ᠎ᠪᠠᠨ ᠲᠡᠯᠡᠬᠡᠢ᠎ᠶᠢ ᠪᠠᠭᠲᠠᠭᠠᠵᠤ ᠳᠣᠷᠤᠨ᠎ᠠ ᠵᠦᠭ ᠵᠣᠷᠢᠭᠯᠠᠮᠤᠢ》 ᠬᠡᠮᠡᠨ ᠵᠦᠢᠷᠯᠡᠪᠡ᠃
ᠡᠨᠡ ᠵᠢᠯ᠎ᠦᠨ 4 ᠰᠠᠷ᠎ᠠ᠎ᠶᠢᠨ 30᠎ᠦ ᠡᠳᠦᠷ᠂ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ ᠠᠩᠬ᠎ᠠ ᠡᠬᠢᠯᠡᠵᠦ᠂ ᠭᠠᠳᠠᠭᠠᠳᠤ ᠠᠵᠤ ᠠᠬᠤᠢ ᠠᠷᠠᠯᠵᠢᠶᠠᠨ᠎ᠤ ᠶᠠᠮᠤᠨ᠎ᠤ ᠲᠡᠳ ᠰᠠᠢᠳ᠂ ᠳᠤᠮᠳᠠᠳᠤ ᠤᠯᠤᠰ᠎ᠤᠨ ᠲᠡᠯᠡᠬᠡᠢ᠎ᠶᠢᠨ ᠠᠷᠠᠯᠵᠢᠶᠠᠨ᠎ᠤ ᠵᠣᠬᠢᠶᠠᠨ ᠪᠠᠢᠭᠤᠯᠤᠯᠲᠠ᠎ᠳᠤ ᠣᠷᠤᠯᠴᠠᠬᠤ ᠬᠡᠯᠡᠯᠴᠡᠭᠡᠷ᠎ᠤᠨ ᠲᠡᠷᠢᠭᠦᠨ᠎ᠤ ᠲᠤᠰᠭᠠᠢ ᠮᠡᠷᠭᠡᠵᠢᠯᠲᠡᠨ᠂ ᠤᠤᠯ᠎ᠤᠨ ᠠᠽᠢᠶ᠎ᠠ ᠲᠢᠪ᠎ᠤᠨ ᠶᠠᠷᠢᠶᠠᠨ᠎ᠤ ᠲᠠᠪᠴᠠᠩ᠎ᠤᠨ ᠬᠡᠷᠡᠭ ᠡᠷᠬᠢᠯᠡᠭᠴᠢ᠂ ᠨᠠᠷᠢᠨ ᠪᠢᠴᠢᠭ᠎ᠦᠨ ᠲᠠᠷᠤᠭ᠎ᠠ ᠯᠦᠩ ᠶᠦᠩ᠎ᠲᠦ ᠠᠪᠤᠭᠠᠢ᠎ᠡᠴᠡ 《ᠣᠳᠤᠬᠠᠨ᠎ᠤ ᠠᠵᠤ ᠠᠬᠤᠢ᠎ᠶᠢᠨ ᠪᠠᠢᠳᠠᠯ ᠬᠢᠭᠡᠳ ᠮᠠᠨ᠎ᠤ ᠤᠯᠤᠰ᠎ᠤᠨ ᠭᠠᠳᠠᠭᠠᠳᠤ ᠨᠡᠭᠡᠭᠡᠯᠲᠡ》 ᠭᠡᠬᠦ ᠰᠡᠳᠦᠪ᠎ᠢᠶᠡᠷ ᠭᠣᠣᠯ ᠰᠡᠳᠦᠪᠲᠦ ᠲᠠᠢᠯᠤᠮᠵᠢ ᠬᠢᠵᠡᠢ᠃ ᠶᠠᠷᠢᠶᠠᠨ᠎ᠤ ᠲᠠᠪᠴᠠᠩ᠎ᠤᠨ ᠬᠣᠶᠠᠳᠠᠭᠢ ᠬᠤᠭᠤᠴᠠᠭᠠᠨ᠎ᠳᠤ ᠬᠠᠭᠠᠨ᠎ᠤ ᠣᠷᠳᠤᠨ ᠲᠡᠭᠡᠳᠦ ᠰᠤᠷᠭᠠᠭᠤᠯᠢ᠎ᠶᠢᠨ ᠵᠠᠬᠢᠷᠤᠯ᠂ ᠳᠤᠮᠳᠠᠳᠤ ᠤᠯᠤᠰ᠎ᠤᠨ ᠲᠡᠦᠬᠡ᠎ᠶᠢᠨ ᠳᠤᠷᠠᠰᠭᠠᠯᠲᠤ ᠵᠦᠢᠯᠡᠰ᠎ᠦᠨ ᠰᠤᠳᠤᠯᠭᠠᠨ᠎ᠤ ᠨᠡᠢᠭᠡᠮᠯᠢᠭ᠎ᠦᠨ ᠲᠠᠷᠤᠭ᠎ᠠ ᠱᠠᠨ ᠵᠢᠢ ᠱᠢᠶᠠᠩ᠎ᠢ ᠤᠷᠢᠵᠤ 《ᠤᠷᠠᠨ ᠲᠠᠷᠬᠠᠨ᠎ᠤ ᠡᠨᠡᠷᠢᠩᠭᠦᠢ ᠰᠡᠳᠬᠢᠯ - ᠰᠣᠶᠤᠯ᠎ᠤᠨ ᠥᠪ ᠬᠥᠷᠦᠩᠭᠡ᠎ᠶᠢᠨ ᠡᠬᠢ ᠪᠠᠶᠠᠯᠢᠭ᠎ᠢ ᠠᠮᠢᠯᠠᠭᠤᠯᠤᠶ᠎ᠠ》 ᠭᠡᠬᠦ ᠰᠡᠳᠦᠪ᠎ᠢᠶᠡᠷ ᠲᠤᠰᠭᠠᠢ ᠰᠡᠳᠦᠪᠲᠦ ᠶᠠᠷᠢᠶ᠎ᠠ ᠢᠯᠡᠳᠬᠡᠯ ᠬᠢᠪᠡ᠃ ᠬᠣᠶᠠᠷ ᠤᠳᠠᠭᠠᠨ᠎ᠤ ᠲᠠᠢᠯᠤᠮᠵᠢ᠎ᠶᠢᠨ ᠠᠬᠤᠢ ᠲᠠᠯᠠᠪᠠᠢ᠎ᠶᠢᠨ ᠬᠥᠮᠦᠨ᠎ᠦ ᠲᠣᠭ᠎ᠠ ᠴᠥᠮ ᠮᠢᠩᠭ᠎ᠠ᠎ᠶᠢ ᠲᠠᠪᠠᠵᠤ᠂ ᠱᠢᠭᠤᠳ ᠨᠡᠪᠲᠡᠷᠡᠭᠦᠯᠭᠡ᠎ᠶᠢᠨ ᠲᠠᠪᠴᠠᠩ ᠵᠢᠴᠢ ᠣᠯᠠᠨ ᠵᠠᠭᠤᠴᠢᠲᠤ ᠣᠯᠠᠨ ᠡᠱᠢᠴᠢᠯᠡᠭᠰᠡᠨ ᠪᠣᠰᠤᠭ᠎ᠠ ᠴᠣᠭᠴᠠᠲᠤ ᠲᠠᠮᠵᠢᠭᠤᠯᠭ᠎ᠠ᠎ᠨᠢ ᠮᠠᠱᠢ ᠰᠠᠢᠨ ᠨᠡᠢᠭᠡᠮ᠎ᠦᠨ ᠦᠷ᠎ᠡ ᠪᠦᠲᠦᠮᠵᠢ ᠣᠯᠤᠭᠰᠠᠨ ᠪᠠᠢᠨ᠎ᠠ᠃
ᠰᠤᠷᠪᠤᠯᠵᠢᠯᠠᠭᠴᠢ᠄ ᠭᠤᠤ ᠫᠢᠩ
ᠬᠠᠷᠢᠭᠤᠴᠠᠭᠰᠠᠨ ᠨᠠᠢᠷᠠᠭᠤᠯᠤᠭᠴᠢ᠄ ᠰᠦᠨ ᠽᠦᠩ ᠡᠾᠸ
ᠭᠤᠧᠠᠩᠮᠢᠩ ᠡᠳᠦᠷ᠎ᠦᠨ ᠰᠣᠨᠢᠨ᠎ᠤ ᠬᠠᠮ ᠵᠠᠭᠤᠴᠢᠯᠠᠭᠤᠷ᠎ᠡᠴᠡ ᠱᠢᠯᠵᠢᠭᠦᠯᠦᠨ ᠨᠡᠢᠲᠡᠯᠡᠪᠡ