ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯᠲᠦ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠣᠯ 2009 ᠣᠨ᠎ᠤ 12 ᠰᠠᠷ᠎ᠠ᠎ᠶᠢᠨ 10᠎ᠤ ᠡᠳᠦᠷ ᠵᠢᠩᠬᠢᠨᠢ᠎ᠪᠡᠷ ᠪᠠᠢᠭᠤᠯᠤᠭᠳᠠᠭᠰᠠᠨ ᠤᠯᠤᠰ᠎ᠤᠨ ᠥᠮᠴᠢᠯᠡᠯᠲᠦ ᠲᠣᠮᠤ ᠬᠡᠯᠪᠡᠷᠢ᠎ᠶᠢᠨ ᠰᠣᠶᠤᠯ᠎ᠤᠨ ᠠᠵᠤ ᠠᠬᠤᠢᠯᠠᠯ᠎ᠤᠨ ᠪᠦᠯᠦᠭᠯᠡᠯ ᠪᠣᠯᠬᠤ᠎ᠶᠤᠮ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠣᠳᠤᠬᠠᠨ᠎ᠳᠤ᠎ᠪᠠᠨ ᠥᠪᠦᠷ ᠮᠣᠩᠭᠤᠯ᠎ᠤᠨ ᠠᠷᠠᠳ᠎ᠤᠨ ᠬᠡᠪᠯᠡᠯ᠎ᠦᠨ ᠬᠣᠷᠢᠶ᠎ᠠ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠥᠪᠦᠷ ᠮᠣᠩᠭᠤᠯ᠎ᠤᠨ ᠱᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠬᠡᠪᠯᠡᠯ᠎ᠦᠨ ᠬᠣᠷᠢᠶ᠎ᠠ᠂ ᠥᠪᠦᠷ ᠮᠣᠩᠭᠤᠯ᠎ᠤᠨ ᠪᠠᠭᠠᠴᠤᠳ ᠬᠡᠤᠬᠡᠳ᠎ᠦᠨ ᠬᠡᠪᠯᠡᠯ᠎ᠦᠨ ᠬᠣᠷᠢᠶ᠎ᠠ᠂ ᠥᠪᠦᠷ ᠮᠣᠩᠭᠤᠯ᠎ᠤᠨ ᠰᠣᠶᠤᠯ᠎ᠤᠨ ᠬᠡᠪᠯᠡᠯ᠎ᠦᠨ ᠬᠣᠷᠢᠶ᠎ᠠ᠂ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ᠂ ᠥᠪᠦᠷ ᠮᠣᠩᠭᠤᠯ᠎ᠤᠨ ᠵᠢᠷᠤᠭᠲᠤ ᠰᠡᠳᠭᠦᠯ᠎ᠦᠨ ᠬᠣᠷᠢᠶ᠎ᠠ᠂ ᠥᠪᠦᠷ ᠮᠣᠩᠭᠤᠯ᠎ᠤᠨ ᠱᠢᠨ ᠬᠤᠸᠠ ᠪᠤᠤ ᠢᠸ ᠲᠥᠪ ᠵᠡᠷᠭᠡ 8 ᠭᠡᠱᠢᠭᠦᠨ ᠪᠠᠢᠭᠤᠯᠭ᠎ᠠ᠎ᠲᠠᠢ᠂ ᠡᠳᠡᠭᠡᠷ ᠪᠠᠢᠭᠤᠯᠭ᠎ᠠ᠎ᠨᠢ 8 ᠲᠥᠷᠦᠯ ᠵᠦᠢᠯ᠎ᠦᠨ ᠰᠣᠨᠢᠨ ᠪᠠ 14 ᠲᠥᠷᠦᠯ᠎ᠦᠨ ᠰᠡᠳᠭᠦᠯ ᠡᠷᠬᠢᠯᠡᠵᠤ ᠪᠤᠢ᠃ ᠪᠠᠰᠠ ᠥᠪᠦᠷ ᠮᠣᠩᠭᠤᠯ᠎ᠤᠨ ᠠᠱᠢᠲᠠ ᠨᠡᠷᠡᠮᠵᠢᠲᠦ ᠰᠤᠷᠭᠠᠨ ᠬᠥᠮᠦᠵᠢᠯ᠎ᠦᠨ ᠬᠡᠪᠯᠡᠬᠦ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ᠂ ᠥᠪᠦᠷ ᠮᠣᠩᠭᠤᠯ᠎ᠤᠨ ᠦᠢᠯᠡᠰ ᠲᠣᠮᠤ ᠪᠠᠭᠤᠳᠠᠯ᠂ ᠥᠪᠦᠷ ᠮᠣᠩᠭᠤᠯ᠎ᠤᠨ ᠦᠢᠯᠡᠰ ᠨᠡᠷᠡᠮᠵᠢᠲᠤ ᠭᠠᠵᠠᠷ ᠬᠥᠷᠦᠩᠭᠡ ᠲᠥᠬᠦᠭᠡᠷᠬᠦ ᠬᠠᠷᠢᠭᠤᠴᠠᠯᠭᠠᠲᠤ ᠺᠣᠮᠫᠠᠨᠢ᠂ ᠥᠪᠦᠷ ᠮᠣᠩᠭᠤᠯ᠎ᠤᠨ ᠱᠢᠨᠵᠢᠯᠡᠬᠦ ᠤᠬᠠᠭᠠᠨ ᠰᠣᠶᠤᠯ᠎ᠤᠨ ᠬᠥᠭᠵᠢᠯᠲᠡ᠎ᠶᠢᠨ ᠰᠠᠭᠤᠷᠢ ᠮᠥᠩᠭᠦ᠎ᠶᠢᠨ ᠨᠡᠢᠭᠡᠮᠯᠢᠭ᠂ ᠥᠪᠦᠷ ᠮᠣᠩᠭᠤᠯ᠎ᠤᠨ ᠸᠸᠨ ᠶᠤᠸᠠᠨ ᠨᠡᠷᠡᠮᠵᠢᠲᠤ ᠰᠤᠷᠭᠠᠨ ᠬᠥᠮᠦᠵᠢᠯ᠎ᠦᠨ ᠬᠡᠪᠯᠡᠯ᠎ᠦᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ ᠵᠡᠷᠭᠡ ᠪᠦᠷᠢᠨ ᠪᠡᠯᠡ ᠣᠷᠤᠭᠤᠯᠤᠭᠰᠠᠨ ᠪᠠ ᠬᠤᠪᠢᠴᠠᠭ᠎ᠠ ᠡᠵᠡᠮᠱᠢᠯᠲᠦ 5 ᠱᠢᠭᠤᠳ ᠬᠠᠷᠢᠶᠠᠲᠤ ᠠᠵᠤ ᠠᠬᠤᠢᠯᠠᠯ᠎ᠲᠠᠢ᠃ ᠡᠭᠦᠨ᠎ᠤ ᠳᠣᠲᠤᠷᠠᠬᠢ ᠭᠣᠤᠯ ᠭᠡᠱᠢᠭᠦᠨ ᠪᠠᠢᠭᠤᠯᠭ᠎ᠠ ᠪᠣᠯᠬᠤ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ᠎ᠪᠠᠨ ᠳᠤᠲᠤᠭᠠᠲᠤ᠎ᠳᠤ ᠪᠠᠰᠠ ᠥᠪᠦᠷ ᠮᠣᠩᠭᠤᠯ᠎ᠤᠨ ᠦᠢᠯᠡᠰ ᠨᠡᠷᠡᠮᠵᠢᠲᠦ ᠰᠤᠷᠭᠠᠨ ᠬᠥᠮᠦᠵᠢᠯ᠎ᠦᠨ ᠬᠡᠪᠯᠡᠭᠦᠯᠵᠦ ᠲᠠᠷᠬᠠᠭᠠᠬᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠂ ᠥᠪᠦᠷ ᠮᠣᠩᠭᠤᠯ᠎ᠤᠨ ᠳᠠᠷᠬᠠᠨ ᠨᠡᠷᠡᠮᠵᠢᠲᠤ ᠰᠤᠷᠭᠠᠨ ᠬᠥᠮᠦᠵᠢᠯ᠎ᠦᠨ ᠬᠡᠪᠯᠡᠯ᠎ᠦᠨ ᠬᠥᠭᠵᠢᠯᠲᠡ᠎ᠶᠢᠨ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ᠂ ᠥᠪᠦᠷ ᠮᠣᠩᠭᠤᠯ᠎ᠤᠨ ᠮᠤᠨᠢ ᠨᠡᠷᠡᠮᠵᠢᠲᠦ ᠰᠣᠶᠤᠯ᠎ᠤᠨ ᠵᠠᠭᠤᠴᠢ ᠪᠦᠷᠢᠨ ᠪᠤᠰᠤ ᠬᠠᠷᠢᠭᠤᠴᠠᠯᠭᠠᠲᠤ ᠺᠣᠮᠫᠠᠨᠢ᠂ ᠥᠪᠦᠷ ᠮᠣᠩᠭᠤᠯ᠎ᠤᠨ ᠦᠢᠯᠡᠰ ᠨᠡᠷᠡᠮᠵᠢᠲᠦ ᠮᠡᠳᠡᠭᠡ ᠵᠠᠩᠭᠢ᠎ᠶᠢᠨ ᠮᠡᠷᠭᠡᠵᠢᠯ᠎ᠦᠨ ᠬᠢᠵᠠᠭᠠᠷᠲᠤ ᠺᠣᠮᠫᠠᠨᠢ᠂ ᠥᠪᠦᠷ ᠮᠣᠩᠭᠤᠯ᠎ᠤᠨ ᠳᠡᠯᠡᠬᠡᠢ ᠨᠡᠷᠡᠮᠵᠢᠲᠦ ᠮᠡᠳᠡᠭᠡ ᠵᠠᠩᠭᠢ᠎ᠶᠢᠨ ᠮᠡᠷᠭᠡᠵᠢᠯ᠎ᠦᠨ ᠬᠢᠵᠠᠭᠠᠷᠲᠤ ᠺᠣᠮᠫᠠᠨᠢ ᠵᠡᠷᠭᠡ ᠪᠦᠷᠢᠨ ᠬᠥᠷᠦᠩᠭᠡ ᠣᠷᠤᠭᠤᠯᠤᠭᠰᠠᠨ ᠪᠠ ᠬᠤᠪᠢᠴᠠᠭ᠎ᠠ ᠡᠵᠡᠮᠱᠢᠯᠲᠦ 16 ᠺᠣᠮᠫᠠᠨᠢ᠎ᠲᠠᠢ᠃ ᠬᠡᠪᠯᠡᠯ᠎ᠦᠨ ᠪᠦᠯᠦᠭᠯᠡᠯ ᠪᠣᠯᠤᠨ ᠪᠤᠰᠤᠳ ᠭᠡᠱᠢᠭᠦᠨ ᠪᠠᠢᠭᠤᠯᠭ᠎ᠠ᠎ᠨᠢ ᠤᠷᠢᠳ ᠬᠣᠵᠢᠳ 《ᠪᠦᠬᠦ ᠤᠯᠤᠰ᠎ᠤᠨ ᠰᠣᠨᠢᠨ ᠮᠡᠳᠡᠭᠡ ᠬᠡᠪᠯᠡᠯ᠎ᠦᠨ ᠱᠢᠰᠲᠧᠮ᠎ᠤᠨ ᠲᠡᠷᠢᠭᠦᠨ᠎ᠤ ᠬᠠᠮᠲᠤ ᠨᠢᠭᠡᠴᠢ》 ᠂ 《ᠪᠦᠬᠦ ᠤᠯᠤᠰ᠎ᠤᠨ ᠱᠢᠯᠢᠳᠡᠭ ᠬᠡᠪᠯᠡᠯ᠎ᠦᠨ ᠬᠣᠷᠢᠶ᠎ᠠ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠨᠠᠮ᠎ᠤᠨ ᠲᠡᠷᠢᠭᠦᠨ᠎ᠤ ᠦᠨᠳᠦᠰᠦᠨ ᠱᠠᠲᠤᠨ᠎ᠤ ᠪᠠᠢᠭᠤᠯᠤᠯᠲᠠ》 ᠂ 《ᠤᠯᠠᠭᠠᠨᠬᠦᠦ᠎ᠶᠢᠨ ᠮᠣᠩᠭᠤᠯ ᠬᠡᠯᠡ ᠪᠢᠴᠢᠭ᠎ᠦᠨ ᠱᠠᠩᠨᠠᠯ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠮᠣᠩᠭᠤᠯ ᠬᠡᠯᠡ ᠪᠢᠴᠢᠭ ᠰᠤᠷᠴᠤ ᠬᠡᠷᠡᠭᠯᠡᠭᠰᠡᠨ ᠲᠡᠷᠢᠭᠦᠨ᠎ᠤ ᠬᠠᠮᠲᠤ ᠨᠢᠭᠡᠴᠢ》 ᠂ 《ᠭᠠᠢᠯᠢ ᠲᠤᠱᠢᠶᠠᠭᠰᠠᠨ ᠲᠡᠷᠢᠭᠦᠨ᠎ᠤ ᠪᠠᠢᠭᠤᠯᠭ᠎ᠠ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠠᠷᠪᠠᠨ ᠱᠢᠯᠢᠳᠡᠭ ᠰᠣᠶᠤᠯ᠎ᠤᠨ ᠵᠢᠱ᠌ᠢᠶᠡᠴᠢ ᠪᠠᠢᠭᠤᠯᠭ᠎ᠠ》 ᠂ 《ᠡᠳ᠋᠎ᠦᠨ ᠶᠠᠪᠤᠳᠠᠯ᠎ᠤᠨ ᠮᠡᠳᠡᠭᠦᠯᠭᠡ᠎ᠶᠢᠨ ᠲᠡᠷᠢᠭᠦᠨ᠎ᠤ ᠪᠠᠢᠭᠤᠯᠭ᠎ᠠ》 ᠂ 《ᠳᠤᠮᠳᠠᠲᠤ ᠤᠯᠤᠰ᠎ᠤᠨ ᠠᠵᠤ ᠦᠢᠯᠡᠳᠪᠦᠷᠢ ᠬᠤᠳᠠᠯᠳᠤᠭ᠎ᠠ᠎ᠶᠢᠨ ᠪᠠᠩᠬᠢ᠎ᠶᠢᠨ 3A ᠳᠡᠰ᠎ᠦᠨ ᠠᠵᠤ ᠠᠬᠤᠢᠯᠠᠯ》 ᠂ 《ᠥᠪᠡᠷᠲᠡᠭᠡᠨ ᠵᠠᠰᠠᠬᠤ ᠣᠷᠤᠨ᠎ᠤ ᠠᠵᠢᠯᠲᠠᠨ ᠠᠵᠢᠯᠴᠢᠨ᠎ᠤ ᠠᠵᠢᠯ ᠮᠡᠷᠭᠡᠵᠢᠯ᠎ᠦᠨ ᠶᠣᠰᠤ ᠰᠤᠷᠲᠠᠬᠤᠨ᠎ᠤ ᠪᠦᠲᠦᠭᠡᠨ ᠪᠠᠢᠭᠤᠯᠤᠯᠲᠠ᠎ᠶᠢᠨ ᠠᠷᠪᠠᠨ ᠱᠢᠯᠢᠳᠡᠭ ᠪᠠᠢᠭᠤᠯᠭ᠎ᠠ》 ᠂ 《ᠬᠥᠬᠡᠬᠤᠲᠠ᠎ᠶᠢᠨ ᠣᠶᠤᠨ᠎ᠤ ᠪᠣᠯᠪᠠᠰᠤᠨ᠎ᠤ ᠲᠡᠷᠢᠭᠦᠨ᠎ᠤ ᠪᠠᠢᠭᠤᠯᠭ᠎ᠠ》 ᠵᠡᠷᠭᠡ ᠮᠠᠱᠢ ᠤᠯᠠᠨ ᠢᠷᠠᠭᠤ ᠠᠯᠳᠠᠷ᠎ᠢ ᠬᠦᠷᠲᠡᠵᠡᠢ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠬᠦᠭᠵᠢᠯᠲᠠ᠎ᠶᠢᠨ ᠶᠠᠪᠤᠴᠠ᠎ᠳᠤ᠎ᠪᠠᠨ ᠬᠡᠪᠯᠡᠯ᠎ᠦᠨ ᠵᠢᠯᠤᠭᠤᠳᠤᠮᠵᠢ᠎ᠶᠢ ᠵᠥᠪ ᠣᠨᠤᠪᠴᠢᠲᠠᠢ᠎ᠪᠠᠷ ᠴᠢᠩᠭ᠎ᠠ ᠪᠠᠷᠢᠮᠳᠠᠯᠠᠵᠤ᠂ ᠦᠨᠳᠦᠰᠦᠲᠡᠨ᠎ᠤ ᠱᠢᠯᠢᠳᠡᠭ ᠰᠣᠶᠤᠯ᠎ᠢ ᠵᠠᠯᠭᠠᠮᠵᠢᠯᠠᠬᠤ᠂ ᠬᠥᠭᠵᠢᠭᠦᠯᠬᠦ᠂ ᠤᠯᠠᠮᠵᠢᠯᠠᠨ ᠲᠦᠭᠡᠮᠡᠯᠵᠢᠭᠦᠯᠬᠦ᠎ᠪᠠᠷ ᠡᠭᠦᠷᠭᠡ ᠬᠠᠷᠢᠭᠤᠴᠠᠯᠭ᠎ᠠ᠎ᠪᠠᠨ ᠪᠣᠯᠭᠠᠵᠤ᠂ ᠬᠢᠲᠠᠳ᠂ ᠮᠣᠩᠭᠤᠯ ᠬᠡᠯᠡᠨ᠎ᠤ ᠮᠠᠱᠢ ᠤᠯᠠᠨ ᠨᠣᠮ᠎ᠢ ᠬᠡᠪᠯᠡᠭᠦᠯᠵᠦ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠤᠨ᠎ᠤ ᠲᠤᠱᠢᠶᠠᠭᠰᠠᠨ ᠡᠯ᠎ᠡ ᠲᠥᠷᠦᠯ᠎ᠦᠨ ᠨᠣᠮ ᠪᠢᠴᠢᠭ ᠬᠡᠪᠯᠡᠭᠦᠯᠬᠦ ᠡᠭᠦᠷᠭᠡ᠎ᠶᠢ ᠠᠮᠵᠢᠯᠲᠠ᠎ᠲᠠᠢ᠎ᠪᠠᠷ ᠪᠡᠶᠡᠯᠡᠭᠦᠯᠵᠦ᠂ ᠣᠷᠤᠨ᠎ᠤ ᠳᠤᠲᠤᠭᠠᠲᠤ ᠭᠠᠳᠠᠭᠠᠲᠦ᠎ᠶᠢᠨ ᠡᠯ᠎ᠡ ᠦᠨᠳᠦᠰᠦᠲᠡᠨ᠎ᠤ ᠠᠷᠠᠳ ᠲᠦᠮᠡᠨ᠎ᠤ ᠡᠯ᠎ᠡ ᠳᠠᠪᠬᠤᠷᠭ᠎ᠠ᠎ᠶᠢᠨ ᠬᠢᠨ᠎ᠤ ᠬᠡᠷᠡᠭᠴᠡᠭᠡ ᠱᠠᠭᠠᠷᠳᠠᠯᠭ᠎ᠠ᠎ᠶᠢ ᠭᠦᠢᠴᠡᠳ ᠬᠠᠩᠭᠠᠵᠠᠢ᠃
ᠡᠭᠦᠨ᠎ᠤ ᠳᠣᠲᠤᠷ᠎ᠠ ᠲᠠᠯ᠎ᠠ ᠨᠤᠳᠤᠭ᠎ᠤᠨ ᠰᠣᠶᠤᠯ᠎ᠢᠶᠠᠷ ᠲᠥᠯᠦᠭᠡᠯᠡᠯ ᠪᠣᠯᠭᠠᠭᠰᠠᠨ ᠮᠣᠩᠭᠤᠯ ᠬᠢᠲᠠᠳ ᠨᠣᠮ ᠪᠢᠴᠢᠭᠤ᠋ᠳᠨᠢ ᠥᠪᠡᠷᠮᠢᠴᠡ ᠣᠨᠴᠠᠯᠢᠭ ᠪᠦᠬᠦᠢ ᠨᠡᠷᠡᠲᠦ ᠲᠡᠮᠳᠡᠭ᠎ᠢ ᠪᠤᠢ ᠪᠣᠯᠭᠠᠵᠤ᠂ ᠮᠠᠨ᠎ᠤ ᠬᠡᠪᠯᠡᠭᠦᠯᠦᠭᠰᠡᠨ ᠮᠣᠩᠭᠤᠯᠴᠢ ᠡᠷᠳᠡᠮᠲᠡᠳ᠎ᠦᠨ ᠰᠤᠳᠤᠯᠭᠠᠨ᠎ᠤ ᠪᠦᠲᠦᠭᠡᠯ᠎ᠨᠢ ᠳᠡᠯᠡᠬᠡᠢ᠎ᠶᠢᠨ ᠡᠯ᠎ᠡ ᠤᠯᠤᠰ᠎ᠲᠤ ᠪᠣᠷᠤᠯᠠᠭᠤᠯᠤᠭᠳᠠᠵᠤ᠂ ᠣᠳᠤᠬᠠᠨ᠎ᠳᠤ᠎ᠪᠠᠨ ᠳᠡᠯᠡᠬᠡᠢ᠎ᠶᠢᠨ ᠮᠣᠩᠭᠤᠯ ᠰᠤᠳᠤᠯᠤᠯ᠎ᠤᠨ ᠬᠡᠪᠯᠡᠯ᠎ᠦᠨ ᠲᠥᠪ ᠪᠣᠯᠤᠭᠰᠠᠨ᠎ᠶᠤᠮ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠪᠠᠢᠭᠤᠯᠤᠭᠳᠠᠭᠰᠠᠨ᠎ᠠᠴᠠ ᠨᠠᠭᠠᠱᠢ ᠵᠢᠯ ᠪᠦᠷᠢ ᠳᠤᠮᠳᠠᠴᠢ᠎ᠪᠠᠷ 3400 ᠣᠷᠴᠢᠮ ᠬᠡᠪᠯᠡᠯ᠎ᠦᠨ ᠪᠦᠲᠦᠭᠡᠭᠳᠡᠬᠦᠨ ᠬᠡᠪᠯᠡᠭᠦᠯᠬᠦ᠎ᠶᠢ ᠪᠠᠲᠤᠯᠠᠵᠤ᠂ ᠨᠡᠢᠲᠡ᠎ᠳᠤ᠎ᠪᠠᠨ 21000 ᠭᠠᠷᠤᠢ ᠮᠣᠩᠭᠤᠯ᠂ ᠬᠢᠲᠠᠳ ᠨᠣᠮ᠂ ᠳᠠᠭᠤᠤ ᠬᠥᠭᠵᠢᠮ ᠳᠦᠷᠰᠦ ᠱᠢᠩᠭᠡᠭᠡᠯᠲᠡ ᠪᠠ ᠴᠠᠬᠢᠮ ᠨᠣᠮ᠎ᠢ ᠬᠡᠪᠯᠡᠭᠦᠯᠪᠡ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠪᠠᠰᠠ ᠤᠯᠤᠰ᠎ᠤᠨ ᠬᠡᠪᠯᠡᠯ᠎ᠦᠨ ᠰᠠᠭᠤᠷᠢ ᠮᠥᠩᠭᠦᠨ᠎ᠤ ᠲᠤᠰᠠᠯᠠᠮᠵᠢᠲᠤ ᠲᠥᠰᠦᠯ ᠪᠠ ᠴᠦ᠋ᠬᠡᠨ ᠲᠣᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠦᠨ ᠬᠡᠪᠯᠡᠯ᠎ᠦᠨ ᠲᠤᠰᠭᠠᠢ ᠪᠡᠯᠡ ᠮᠥᠩᠭᠦᠨ᠎ᠤ ᠲᠥᠰᠦᠯ᠂ ᠤᠯᠤᠰ᠎ᠤᠨ 《12·5》 ᠤᠨ ᠭᠣᠤᠯᠳᠠᠯᠭ᠎ᠠ᠎ᠲᠠᠢ ᠨᠣᠮ ᠪᠢᠴᠢᠭ᠎ᠤᠨ ᠬᠡᠪᠯᠡᠯ᠎ᠦᠨ ᠲᠥᠯᠦᠪᠵᠢᠭᠦᠯᠭᠡ᠂ ᠪᠦᠬᠦ ᠤᠯᠤᠰ᠎ᠤᠨ 《12·5》 ᠤᠨ ᠴᠦ᠋ᠬᠡᠨ ᠲᠣᠭᠠᠲᠤ ᠦᠨᠳᠦᠰᠦᠲᠡᠨ᠎ᠤ ᠦᠰᠦᠭ ᠪᠢᠴᠢᠭ᠎ᠦᠨ ᠬᠡᠪᠯᠡᠯ᠎ᠦᠨ ᠲᠥᠯᠦᠪᠵᠢᠭᠦᠯᠭᠡ ᠪᠠ ᠥᠪᠡᠷᠲᠡᠭᠡᠨ ᠵᠠᠰᠠᠬᠤ ᠣᠷᠤᠨ᠎ᠤ ᠦᠨᠳᠦᠰᠦᠲᠡᠨ᠎ᠤ ᠰᠣᠶᠤᠯ᠎ᠤᠨ ᠪᠦᠲᠦᠭᠡᠨ ᠪᠠᠢᠭᠤᠯᠤᠯᠲᠠ᠎ᠶᠢᠨ ᠰᠤᠳᠤᠯᠭᠠᠨ᠎ᠤ ᠢᠨᠵᠧᠨᠧᠷᠢᠩ᠎ᠤᠨ ᠲᠥᠰᠦᠯ ᠵᠡᠷᠭᠡ ᠤᠯᠠᠨ ᠲᠥᠷᠦᠯ ᠵᠦᠢᠯ᠎ᠦᠨ ᠭᠣᠤᠯᠳᠠᠯᠭ᠎ᠠ᠎ᠲᠠᠢ ᠨᠣᠮ ᠪᠢᠴᠢᠭ᠎ᠤᠨ ᠬᠡᠪᠯᠡᠯ᠎ᠦᠨ ᠲᠥᠰᠦᠯ᠎ᠢ ᠳᠠᠭᠠᠭᠠᠴᠢᠯᠠᠵᠤ᠂ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠦᠨ 《ᠬᠣᠤᠰ ᠵᠠᠭᠤᠨ᠎ᠤ ᠢᠨᠵᠧᠨᠧᠷᠢᠩ》 (ᠵᠢᠯ ᠪᠦᠷᠢ ᠮᠣᠩᠭᠤᠯ ᠬᠢᠲᠠᠳ ᠬᠡᠯᠡᠨ᠎ᠤ ᠱᠢᠯᠢᠳᠡᠭ ᠨᠣᠮ᠎ᠢ ᠲᠤᠰ ᠪᠦᠷᠢ 100᠎ᠶᠢ ᠬᠡᠪᠯᠡᠭᠦᠯᠬᠦ) ᠪᠠ ᠵᠢᠯ ᠪᠦᠷᠢ 500 ᠢᠯᠡᠭᠦᠤ ᠲᠥᠷᠦᠯ᠎ᠦᠨ ᠮᠣᠩᠭᠤᠯ ᠨᠣᠮ ᠪᠢᠴᠢᠭ ᠬᠡᠪᠯᠡᠭᠦᠯᠬᠦ ᠡᠭᠦᠷᠭᠡ᠎ᠶᠢ ᠳᠠᠭᠠᠭᠠᠴᠢᠯᠠᠨ ᠪᠡᠶᠡᠯᠡᠭᠦᠯᠪᠡ᠃
ᠡᠭᠦᠨ᠎ᠠᠴᠠ ᠭᠠᠳᠠᠨ᠎ᠠ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠵᠢᠴᠢ ᠪᠡᠭᠡᠵᠢᠩ᠂ ᠡᠾᠸᠪᠸᠢ᠂ ᠯᠢᠶᠤᠣᠨᠢᠩ᠂ ᠭᠢᠷᠢᠨ᠂ ᠬᠠᠷᠠᠮᠦ᠋ᠷᠡᠨ᠂ ᠱᠢᠨᠵᠢᠶᠠᠩ᠂ ᠬᠥᠬᠡᠨᠠᠭᠤᠷ᠂ ᠭᠠᠨᠰᠤ ᠵᠡᠷᠭᠡ ᠨᠠᠢ᠍ᠮᠠᠨ ᠮᠤᠵᠢ ᠣᠷᠤᠨ᠎ᠤ ᠮᠣᠩᠭᠤᠯ᠎ᠢᠶᠠᠷ ᠬᠢᠴᠢᠶᠡᠯᠯᠡᠬᠦ ᠳᠤᠮᠳᠠᠲᠤ ᠪᠠᠭ᠎ᠠ ᠰᠤᠷᠭᠠᠭᠤᠯᠢ᠎ᠶᠢᠨ ᠰᠤᠷᠬᠤ ᠪᠢᠴᠢᠭ ᠪᠠ ᠳᠠᠭᠠᠯᠲᠠ ᠮᠠᠲᠧᠷᠢᠶᠠᠯ᠎ᠢ ᠬᠡᠪᠯᠡᠭᠦᠯᠬᠦ ᠡᠭᠦᠷᠭᠡ᠎ᠪᠠᠨ ᠳᠠᠭᠠᠭᠠᠴᠢᠯᠠᠨ ᠪᠡᠶᠡᠯᠡᠭᠦᠯᠦᠭᠰᠡᠭᠡᠷ ᠢᠷᠡᠵᠡᠢ᠃
ᠬᠡᠪᠯᠡᠯ᠎ᠦᠨ ᠪᠦᠯᠦᠭᠯᠡᠯ᠎ᠦᠨ ᠥᠷᠭᠡᠨ ᠤᠯᠠᠨ ᠺᠠᠳ᠋ᠷ ᠪᠠ ᠨᠠᠢᠷᠠᠭᠤᠯᠤᠭᠴᠢᠳ ᠤᠯᠠᠨ ᠵᠢᠯ᠎ᠤᠨ ᠲᠤᠷᠱᠢ ᠡᠳᠡᠭᠡᠷ ᠡᠭᠦᠷᠭᠡ᠎ᠪᠠᠨ ᠪᠡᠶᠡᠯᠡᠭᠦᠯᠬᠦ᠎ᠶᠢᠨ ᠲᠤᠯᠠᠲᠠ ᠴᠥᠬᠦᠷᠡᠱᠢ᠎ᠦᠭᠡᠢ᠎ᠪᠡᠷ ᠮᠡᠷᠡᠢᠨ ᠴᠢᠷᠮᠠᠢᠵᠤ᠂ ᠮᠣᠩᠭᠤᠯ ᠬᠢᠲᠠᠳ ᠰᠤᠷᠬᠤ ᠪᠢᠴᠢᠭ᠎ᠢ ᠵᠡᠷᠭᠡ᠎ᠪᠡᠷ ᠬᠠᠩᠭᠠᠬᠤ ᠠᠵᠢᠯ᠎ᠢ ᠰᠠᠢᠲᠤᠷ ᠬᠢᠵᠤ᠂ ᠨᠠᠮ᠎ᠤᠨ ᠬᠣᠷᠢᠶ᠎ᠠ᠂ ᠵᠠᠰᠠᠭ᠎ᠤᠨ ᠣᠷᠳᠤᠨ᠎ᠠᠴᠠ ᠲᠤᠱᠢᠶᠠᠭᠰᠠᠨ 《ᠬᠢᠴᠢᠶᠡᠯ᠎ᠡᠴᠡ ᠡᠮᠦᠨ᠎ᠡ ᠰᠤᠷᠬᠤ ᠪᠢᠴᠢᠭ᠎ᠢᠶᠠᠨ ᠣᠯᠵᠤ᠂ ᠬᠥᠮᠦᠨ ᠪᠦᠷᠢ ᠨᠢᠭᠡ ᠳᠡᠪᠲᠡᠷ᠎ᠲᠠᠢ ᠪᠠᠢᠬᠤ》 ᠤᠯᠤᠰ ᠲᠥᠷᠦ᠎ᠶᠢᠨ ᠡᠭᠦᠷᠭᠡ᠎ᠪᠠᠨ ᠴᠠᠭ ᠲᠤᠬᠠᠢᠳᠤᠨᠢ ᠠᠮᠵᠢᠯᠲᠠ᠎ᠲᠠᠢ ᠪᠡᠶᠡᠯᠡᠭᠦᠯᠵᠡᠢ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠣᠳᠤᠬᠠᠨ᠎ᠳᠤ ᠮᠠᠨ᠎ᠤ ᠤᠯᠤᠰ᠎ᠤᠨ ᠴᠤᠷ᠎ᠦᠨ ᠭᠠᠭᠴᠠ ᠮᠣᠩᠭᠤᠯ ᠰᠤᠷᠬᠤ ᠪᠢᠴᠢᠭ᠎ᠤᠨ ᠪᠦᠲᠦᠭᠡᠨ ᠪᠠᠢᠭᠤᠯᠤᠯᠲᠠ ᠪᠠ ᠬᠡᠪᠯᠡᠯ᠎ᠦᠨ ᠰᠠᠭᠤᠷᠢᠨ ᠭᠠᠵᠠᠷ ᠪᠣᠯᠵᠤ᠂ ᠮᠠᠨ᠎ᠤ ᠤᠯᠤᠰ᠎ᠤᠨ᠂ ᠴᠢᠨᠠᠭᠱᠢᠯᠠᠪᠠᠯ ᠳᠡᠯᠡᠬᠡᠢ᠎ᠶᠢᠨ ᠬᠡᠪᠴᠢᠶᠡᠨ᠎ᠤ ᠮᠣᠩᠭᠤᠯ ᠬᠡᠪᠯᠡᠯ᠎ᠦᠨ ᠲᠥᠪ ᠪᠣᠯᠬᠤ᠎ᠳᠤ᠎ᠪᠠᠨ ᠪᠠᠲᠤ ᠪᠡᠬᠢ ᠰᠠᠭᠤᠷᠢ᠎ᠶᠢ ᠲᠠᠯᠪᠢᠵᠤ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠬᠡᠪᠯᠡᠯ᠎ᠦᠨ ᠦᠢᠯᠡᠰ ᠪᠠ ᠦᠨᠳᠦᠰᠦᠲᠡᠨ᠎ᠤ ᠰᠤᠷᠭᠠᠨ ᠬᠥᠮᠦᠵᠢᠯ᠎ᠦᠨ ᠦᠢᠯᠡᠰ᠎ᠲᠤ ᠴᠢᠬᠤᠯᠠ ᠬᠤᠪᠢ ᠨᠡᠮᠡᠷᠢ᠎ᠪᠠᠨ ᠦᠵᠡᠭᠦᠯᠦᠭᠰᠡᠭᠡᠷ ᠢᠷᠡᠵᠡᠢ᠃ 2015 ᠣᠨ᠎ᠳᠤ ᠤᠯᠤᠰ᠎ᠤᠨ ᠦᠨᠳᠦᠰᠦᠲᠡᠨ᠎ᠤ ᠦᠰᠦᠭ ᠪᠢᠴᠢᠭ᠎ᠦᠨ ᠬᠡᠪᠯᠡᠯ᠎ᠦᠨ ᠥᠪᠦᠷ ᠮᠣᠩᠭᠤᠯ᠎ᠳᠡᠬᠢ ᠰᠠᠭᠤᠷᠢᠨ ᠭᠠᠵᠠᠷ᠎ᠨᠢ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠳᠤ ᠪᠠᠢᠭᠤᠯᠤᠭᠳᠠᠵᠤ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠮᠣᠩᠭᠤᠯ ᠨᠣᠮ ᠪᠢᠴᠢᠭ᠎ᠤᠨ ᠬᠡᠪᠯᠡᠯ᠎ᠦᠨ ᠲᠥᠪ ᠪᠣᠯᠬᠤ ᠪᠠᠢᠷᠢ ᠰᠠᠭᠤᠷᠢ᠎ᠶᠢ ᠤᠯᠠᠮ ᠪᠠᠲᠤᠳᠭᠠᠵᠤ᠂ ᠮᠣᠩᠭᠤᠯ ᠬᠡᠪᠯᠡᠯ᠎ᠦᠨ ᠦᠢᠯᠡᠰ᠎ᠤᠨ ᠲᠥᠯᠦᠭᠡ ᠲᠡᠮᠡᠦᠯᠦᠨ ᠵᠢᠳᠭᠦᠬᠦ ᠵᠢᠭᠦᠷ᠎ᠢ᠎ᠨᠢ ᠢᠷᠯᠡᠭᠰᠡᠨᠶᠤᠮ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠲᠥᠰᠦᠪᠯᠡᠬᠦ ᠴᠢᠳᠠᠪᠦᠷᠢ᠎ᠪᠠᠨ ᠲᠠᠰᠤᠷᠠᠯᠲᠠ᠎ᠦᠭᠡᠢ ᠳᠡᠭᠡᠭᠱᠢᠯᠡᠭᠦᠯᠬᠦ᠂ ᠬᠡᠪᠯᠡᠯ᠎ᠦᠨ ᠪᠦᠲᠦᠴᠡ᠎ᠪᠠᠨ ᠲᠣᠬᠢᠷᠠᠭᠤᠯᠬᠤ᠂ ᠬᠡᠪᠯᠡᠯ᠎ᠦᠨ ᠦᠢᠯᠡᠰ᠎ᠦᠨ ᠦᠵᠡᠯ ᠰᠠᠨᠠᠭᠠᠨ᠎ᠤ ᠵᠢᠯᠤᠭᠤᠳᠤᠮᠵᠢ᠎ᠶᠢ ᠴᠢᠩᠭ᠎ᠠ ᠠᠳᠭᠤᠵᠤ᠂ ᠨᠡᠷᠡᠲᠦ ᠲᠡᠮᠳᠡᠭ᠎ᠢ ᠪᠤᠢ ᠪᠣᠯᠭᠠᠬᠤ ᠵᠡᠷᠭᠡ᠎ᠪᠡᠷ ᠳᠠᠮᠵᠢᠭᠠᠳ ᠤᠯᠤᠰ᠎ᠤᠨ ᠳᠤᠲᠤᠭᠠᠲᠤ ᠭᠠᠳᠠᠭᠠᠲᠦ᠎ᠳᠤ ᠠᠯᠳᠠᠷᠱᠢᠭᠰᠠᠨ ᠰᠣᠩᠭᠤᠳᠠᠭ ᠪᠦᠲᠦᠭᠡᠯ᠎ᠦ᠋ᠳ᠎ᠢ ᠬᠡᠪᠯᠡᠭᠦᠯᠦᠨ ᠲᠠᠷᠬᠠᠭᠠᠵᠠᠢ᠃ ᠣᠢᠷ᠎ᠠ᠎ᠶᠢᠨ ᠵᠢᠯ᠎ᠠᠴᠠ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠡᠯ᠎ᠡ ᠲᠥᠷᠦᠯ᠎ᠦᠨ ᠨᠣᠮ ᠪᠢᠴᠢᠭ᠎ᠨᠢ 《ᠳᠤᠮᠳᠠᠲᠦ ᠤᠯᠤᠰ᠎ᠤᠨ ᠵᠠᠰᠠᠭ᠎ᠤᠨ ᠣᠷᠳᠤᠨ᠎ᠤ ᠱᠠᠩᠨᠠᠯ》 ᠂ ᠤᠯᠤᠰ᠎ᠤᠨ 《ᠲᠠᠪᠤ ᠨᠢᠭᠡ ᠢᠨᠵᠧᠨᠧᠷᠢᠩ》 ᠤᠨ ᠨᠣᠮ᠎ᠤᠨ ᠱᠠᠩᠨᠠᠯ᠂ ᠳᠤᠮᠳᠠᠳᠤ ᠤᠯᠤᠰ᠎ᠤᠨ ᠨᠣᠮ᠎ᠤᠨ ᠱᠠᠩᠨᠠᠯ᠂ ᠳᠤᠮᠲᠠᠳᠤ᠎ᠶᠢᠨ ᠱᠢᠯᠢᠳᠡᠭ ᠬᠡᠪᠯᠡᠯ᠎ᠦᠨ ᠪᠦᠲᠦᠭᠡᠭᠳᠡᠬᠦᠨ᠎ᠤ ᠱᠠᠩᠨᠠᠯ᠂ ᠯᠦ᠍ ᠱᠢᠶᠦ᠋ᠨ᠎ᠤ ᠤᠳᠭ᠎ᠠ ᠵᠣᠬᠢᠶᠠᠯ᠎ᠤᠨ ᠱᠠᠩᠨᠠᠯ ᠭᠡᠬᠦ ᠮᠡᠲᠦ᠎ᠶᠢᠨ ᠤᠯᠤᠰ᠎ᠤᠨ ᠳᠡᠰ᠎ᠦᠨ ᠲᠣᠮᠤ ᠱᠠᠩᠨᠠᠯ᠎ᠢ ᠤᠷᠢᠳ ᠬᠣᠵᠢᠳ ᠤᠯᠠᠨ ᠤᠳᠠᠭ᠎ᠠ ᠬᠦᠷᠲᠡᠵᠦ᠂ ᠮᠢᠩᠭ᠎ᠠ ᠱᠢᠬᠠᠮ ᠵᠦᠢᠯ᠎ᠦᠨ ᠨᠣᠮ ᠪᠢᠴᠢᠭ᠎ᠨᠢ ᠮᠤᠵᠢ ᠣᠷᠤᠨ᠎ᠤ ᠳᠡᠰ᠎ᠦᠨ ᠪᠠ ᠠᠵᠢᠯ ᠲᠥᠷᠦᠯ᠎ᠦᠨ ᠨᠡᠢᠭᠡᠮᠯᠢᠭ᠎ᠦᠨ ᠨᠣᠮ ᠪᠢᠴᠢᠭ᠎ᠤᠨ ᠱᠠᠩᠨᠠᠯ᠎ᠤᠨ ᠱᠢᠯᠭᠠᠷᠠᠭᠤᠯᠤᠯᠲᠠ᠎ᠳᠤ ᠣᠷᠤᠯᠴᠠᠵᠤ ᠤᠯᠠᠨ ᠱᠠᠩᠨᠠᠯ ᠭᠠᠷᠳᠠᠵᠠᠢ᠃ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠣᠳᠤᠬᠠᠨ ᠪᠣᠯᠬᠤ᠎ᠳᠤ ᠮᠣᠩᠭᠤᠯ ᠬᠢᠲᠠᠳ ᠬᠡᠯᠡᠨ᠎ᠤ ᠨᠣᠮ ᠪᠢᠴᠢᠭ ᠬᠡᠪᠯᠡᠭᠦᠯᠦᠭᠰᠡᠨ ᠲᠣᠭ᠎ᠠ ᠬᠡᠮᠵᠢᠶ᠎ᠡ᠂ ᠴᠢᠨᠠᠷ ᠴᠢᠨᠰᠠᠭ᠎ᠠ ᠲᠡᠳᠦᠢ᠎ᠦᠭᠡᠢ᠂ ᠶᠡᠷᠦᠩᠬᠡᠢᠯᠡᠭᠰᠡᠨ ᠬᠡᠪᠯᠡᠯ᠎ᠦᠨ ᠴᠢᠳᠠᠪᠦᠷᠢ᠎ᠶᠢᠨ ᠲᠠᠯᠠᠪᠡᠷᠢᠶᠡᠨᠴᠦ ᠲᠡᠤᠬᠡ᠎ᠶᠢᠨ ᠬᠠᠮᠤᠭ᠎ᠤᠨ ᠰᠠᠢᠨ ᠴᠠᠭ ᠦᠶ᠎ᠡ᠎ᠳᠤ ᠱᠢᠯᠵᠢᠭᠰᠡᠨᠶᠤᠮ᠃
ᠥᠪᠦᠷ ᠮᠣᠩᠭᠤᠯ᠎ᠤᠨ ᠬᠡᠪᠯᠡᠯ᠎ᠤᠨ ᠪᠦᠯᠦᠭᠯᠡᠯ᠎ᠨᠢ ᠤᠯᠠᠮᠵᠢᠯᠠᠯᠲᠦ ᠭᠣᠤᠯ ᠠᠵᠢᠯ᠎ᠢᠶᠠᠨ ᠰᠠᠢᠲᠤᠷ ᠬᠢᠬᠦ᠎ᠪᠡᠷ ᠤᠷᠢᠳᠠᠯ ᠪᠣᠯᠭᠠᠵᠤ᠂ ᠤᠯᠠᠨ ᠲᠥᠷᠦᠯ᠎ᠦᠨ ᠵᠠᠭᠤᠴᠢᠯᠠᠭᠤᠷ ᠪᠠ ᠳ᠋ᠠᠢᠲ᠋ᠠ ᠬᠥᠮᠦᠷᠭᠡ᠎ᠶᠢᠨ ᠴᠠᠭ ᠦᠶ᠎ᠡ᠎ᠲᠠᠢ᠎ᠪᠠᠨ ᠵᠣᠬᠢᠴᠠᠭᠤᠯᠤᠨ᠂ ᠤᠯᠠᠮᠵᠢᠯᠠᠯᠲᠤ ᠬᠡᠪᠯᠡᠯ᠎ᠦᠨ ᠬᠡᠯᠪᠡᠷᠢ᠎ᠶᠢ ᠱᠢᠨᠡᠴᠢᠯᠡᠬᠦ᠎ᠪᠡᠷ ᠭᠣᠤᠯ ᠴᠥᠮ᠎ᠡ ᠪᠣᠯᠭᠠᠵᠤ᠂ ᠱᠢᠨ᠎ᠡ᠎ᠪᠡᠷ ᠪᠤᠢ ᠪᠣᠯᠤᠭᠰᠠᠨ ᠬᠠᠮ ᠵᠠᠭᠤᠴᠢᠯᠠᠭᠤᠷ᠎ᠤᠨ ᠬᠥᠭᠵᠢᠯᠲᠡ᠎ᠶᠢ ᠣᠨᠴᠠᠯᠠᠨ ᠠᠩᠬᠠᠷᠴᠤ᠂ ᠮᠡᠳᠡᠭᠡ ᠵᠠᠩᠭᠢᠴᠢᠯᠠᠭᠰᠠᠨ᠂ ᠳ᠋ᠢᠵᠢᠲᠴᠢᠯᠡᠭᠰᠠᠨ᠂ ᠰᠦᠯᠵᠢᠶᠡᠵᠢᠭᠰᠡᠨ ᠪᠦᠲᠦᠭᠡᠨ ᠪᠠᠢᠭᠤᠯᠤᠯᠲᠠ᠎ᠶᠢᠨ ᠠᠬᠢᠴᠠ᠎ᠶᠢ ᠲᠦᠯᠬᠢᠨ ᠠᠬᠢᠭᠤᠯᠵᠤ᠂ ᠳ᠋ᠢᠵᠢᠲᠴᠢᠯᠡᠭᠰᠠᠨ ᠬᠡᠪᠯᠡᠯ᠂ ᠡᠭᠦᠯᠡ ᠰᠤᠷᠭᠠᠨ ᠬᠥᠮᠦᠵᠢᠯ᠂ ᠬᠠᠮ ᠵᠠᠭᠤᠴᠢᠯᠠᠭᠤᠷ᠎ᠤᠨ ᠨᠡᠢᠳᠡᠯᠡᠯ᠂ ᠴᠠᠬᠢᠮ ᠬᠤᠳᠠᠯᠳᠤᠭ᠎ᠠ᠂ ᠸᠸᠪ ᠰᠠᠢᠲ᠎ᠤᠨ ᠪᠦᠲᠦᠭᠡᠨ ᠪᠠᠢᠭᠤᠯᠤᠯᠲᠠ ᠵᠡᠷᠭᠡ ᠲᠠᠯ᠎ᠠ᠎ᠪᠠᠷ ᠱᠢᠪᠲᠤᠯᠤᠯᠲᠠ᠎ᠶᠢᠨ ᠴᠢᠨᠠᠷᠲᠠᠢ ᠠᠬᠢᠴᠠ᠎ᠲᠠᠢ ᠪᠣᠯᠵᠠᠢ᠃ ᠣᠳᠤᠬᠠᠨ ᠪᠣᠯᠬᠤ᠎ᠳᠤ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠮᠣᠩᠭᠤᠯ ᠬᠢᠲᠠᠳ ᠬᠡᠯᠡᠨ᠎ᠤ ᠮᠡᠳᠡᠭᠡ ᠵᠠᠩᠬᠢᠵᠢᠯᠠᠯᠲᠠ᠂ ᠳ᠋ᠢᠵᠢᠲᠴᠢᠯᠠᠯᠲᠠᠶᠢᠨ ᠬᠥᠭᠵᠢᠯᠲᠡ᠎ᠶᠢᠨ ᠲᠠᠯ᠎ᠠ᠎ᠪᠠᠷ ᠨᠢᠭᠡᠨᠲᠡ ᠪᠦᠬᠦ ᠲᠠᠯ᠎ᠠ᠎ᠶᠢᠨ᠂ ᠤᠯᠠᠨ ᠳᠡᠰ ᠲᠠᠪᠬᠤᠷᠭᠠᠲᠤ ᠱᠢᠨᠵᠢ᠎ᠲᠠᠢ᠂ ᠪᠣᠰᠤᠭ᠎ᠠ ᠴᠣᠭᠴᠠᠲᠤ ᠱᠢᠨᠵᠢ᠎ᠲᠠᠢ᠂ ᠱᠢᠨ᠎ᠡ ᠬᠡᠯᠪᠡᠷᠢ᠎ᠶᠢᠨ ᠡᠵᠡᠩᠨᠡᠯᠲᠡ᠎ᠶᠢᠨ ᠦᠨᠳᠦᠰᠦᠨ ᠬᠡᠯᠪᠡᠷᠢ᠎ᠶᠢ ᠪᠤᠢ ᠪᠣᠯᠭᠠᠵᠠᠢ᠃ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠬᠠᠷᠢᠶᠠᠨ᠎ᠳᠡᠬᠢ ᠱᠢᠨ᠎ᠡ ᠲᠸᠭᠨᠢᠭ ᠮᠡᠷᠭᠡᠵᠢᠯ᠎ᠦᠨ ᠺᠣᠮᠫᠠᠨᠢ᠎ᠨᠤᠭᠤᠳ᠎ᠨᠢ ᠰᠠᠭᠤᠷᠢ ᠮᠡᠷᠭᠡᠵᠢᠯ᠎ᠢ ᠰᠤᠳᠤᠯᠤᠨ ᠦᠢᠯᠡᠳᠬᠦ ᠪᠠ ᠲᠤᠷᠱᠢᠨ ᠬᠡᠷᠡᠭᠯᠡᠬᠦ᠎ᠪᠡᠷ ᠳᠠᠮᠵᠢᠭᠠᠳ᠂ 10 ᠲᠥᠷᠦᠯ ᠵᠦᠢᠯ᠎ᠦᠨ ᠺᠣᠮᠫᠢᠦ᠋ᠲᠧᠷ᠎ᠦᠨ ᠵᠥᠭᠡᠯᠡᠨ ᠲᠣᠨᠤᠭ᠎ᠤᠨ ᠵᠣᠬᠢᠶᠠᠨ ᠪᠦᠲᠦᠭᠡᠯᠭᠡ᠎ᠶᠢᠨ ᠡᠷᠬᠡ᠎ᠶᠢᠨ ᠪᠦᠷᠢᠳᠭᠡᠯ᠎ᠦᠨ ᠦᠨᠡᠮᠯᠡᠯ ᠪᠠ 4 ᠲᠥᠷᠦᠯ ᠵᠦᠢᠯ᠎ᠦᠨ ᠵᠥᠭᠡᠯᠡᠨ ᠲᠣᠨᠤᠭ᠎ᠤᠨ ᠪᠦᠲᠦᠭᠡᠭᠳᠡᠬᠦᠨ᠎ᠤ ᠪᠦᠷᠢᠳᠭᠡᠯ᠎ᠦᠨ ᠦᠨᠡᠮᠯᠡᠯ᠎ᠢ ᠵᠠᠯᠭᠠᠭᠠᠪᠡᠷ ᠭᠠᠷᠳᠠᠵᠠᠢ᠃ ᠡᠳᠡᠭᠡᠷ ᠠᠮᠵᠢᠯᠲᠠ ᠪᠦᠲᠦᠭᠡᠯ᠎ᠨᠢ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠤᠯᠠᠮᠵᠢᠯᠠᠯᠲᠤ ᠬᠡᠪᠯᠡᠯ᠎ᠦᠨ ᠬᠡᠯᠪᠡᠷᠢ᠎ᠪᠡᠨ ᠱᠢᠨᠡᠴᠢᠯᠡᠬᠦ ᠠᠬᠢᠴᠠ᠎ᠶᠢ ᠲᠦᠷᠭᠡᠳᠭᠡᠵᠦ᠂ ᠮᠣᠩᠭᠤᠯ ᠦᠭᠡ ᠬᠡᠯᠡ ᠦᠰᠦᠭ ᠪᠢᠴᠢᠭ᠎ᠨᠢ ᠤᠯᠠᠨ ᠤᠯᠤᠰ᠎ᠤᠨ ᠺᠣᠳ᠋᠎ᠢ ᠬᠡᠷᠡᠭᠯᠡᠵᠦ᠂ ᠠᠭᠤᠯᠭ᠎ᠠ᠎ᠶᠢᠨ ᠲᠠᠯ᠎ᠠ᠎ᠪᠠᠷ ᠬᠢ ᠡᠬᠢ ᠪᠠᠶᠠᠯᠢᠭ᠎ᠢ ᠬᠠᠳᠠᠭᠠᠯᠠᠬᠤ᠂ ᠪᠣᠯᠪᠠᠰᠤᠷᠠᠭᠤᠯᠬᠤ᠂ ᠬᠠᠢᠬᠤ᠂ ᠨᠡᠢᠳᠡᠯᠡᠬᠦ᠂ ᠦᠵᠡᠬᠦ ᠵᠡᠷᠭᠡ᠎ᠶᠢ ᠪᠦᠷᠢᠨ ᠭᠦᠢᠴᠡᠳ ᠬᠠᠩᠭᠠᠭᠰᠠᠨ ᠮᠥᠷᠲᠡᠭᠡᠨ ᠬᠠᠮ ᠵᠠᠭᠤᠴᠢᠯᠠᠭᠤᠷ᠎ᠤᠨ ᠴᠠᠭ ᠡᠷᠢᠨ᠎ᠳᠤ ᠮᠣᠩᠭᠤᠯ ᠬᠢᠲᠠᠳ ᠬᠡᠯᠡᠨ᠎ᠤ ᠠᠭᠤᠯᠭ᠎ᠠ᠎ᠶᠢᠨ ᠡᠬᠢ ᠪᠠᠶᠠᠯᠢᠭ᠎ᠢ ᠶᠠᠮᠠᠷ᠎ᠴᠤ ᠰᠠᠭᠠᠳ᠎ᠦᠭᠡᠢ᠎ᠪᠡᠷ ᠬᠠᠮᠲᠤᠪᠡᠷ ᠠᠱᠢᠭᠯᠠᠵᠤ ᠬᠡᠷᠡᠭᠯᠡᠬᠦ᠎ᠳᠤᠨᠢ ᠪᠠᠲᠤ ᠪᠡᠬᠢ ᠰᠠᠭᠤᠷᠢ᠎ᠶᠢ ᠲᠠᠯᠪᠢᠵᠠᠢ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠬᠥᠭᠵᠢᠯᠲᠡ᠎ᠶᠢᠨ ᠶᠠᠪᠤᠴᠠ᠎ᠳᠤ᠎ᠪᠠᠨ 《ᠨᠢᠭᠡ ᠠᠵᠢᠯ ᠦᠢᠯᠡᠰ᠎ᠢᠶᠡᠷ ᠭᠣᠤᠯ ᠪᠣᠯᠭᠠᠵᠤ᠂ ᠤᠯᠠᠨ ᠲᠥᠷᠦᠯ ᠵᠦᠢᠯ᠎ᠢ ᠬᠥᠭᠵᠢᠭᠦᠯᠬᠦ》 ᠠᠵᠢᠯ᠎ᠤᠨ ᠰᠡᠳᠭᠢᠮᠵᠢ᠎ᠶᠢ ᠴᠢᠩᠭ᠎ᠠ ᠪᠠᠷᠢᠮᠳᠠᠯᠠᠵᠤ᠂ ᠠᠵᠤ ᠦᠢᠯᠡᠰ᠎ᠦᠨ ᠬᠡᠯᠬᠢᠶ᠎ᠡ ᠬᠣᠯᠪᠤᠭ᠎ᠠ᠎ᠪᠠᠨ ᠲᠠᠰᠤᠷᠠᠯᠲᠠ᠎ᠦᠭᠡᠢ᠎ᠪᠠᠷ ᠦᠷᠭᠡᠳᠬᠡᠵᠤ᠂ ᠠᠵᠤ ᠦᠢᠯᠡᠰᠵᠢᠭᠰᠡᠨ ᠬᠥᠭᠵᠢᠯᠲᠡ᠎ᠶᠢᠨ ᠵᠠᠮ᠎ᠢ ᠢᠳᠡᠪᠬᠢᠲᠠᠢ᠎ᠪᠠᠷ ᠬᠠᠢᠨ ᠰᠦᠪᠡᠭᠴᠢᠯᠡᠵᠤ᠂ ᠲᠣᠮᠤ ᠬᠡᠯᠪᠡᠷᠢ᠎ᠶᠢᠨ ᠠᠵᠤ ᠦᠢᠯᠡᠳᠪᠦᠷᠢ᠎ᠶᠢᠨ ᠬᠦᠷᠢᠶᠡᠯᠡᠩ᠎ᠦᠨ ᠪᠦᠲᠦᠭᠡᠨ ᠪᠠᠢᠭᠤᠯᠤᠯᠲᠠ᠎ᠶᠢᠨ ᠲᠥᠰᠦᠯ᠂ ᠮᠡᠳᠡᠭᠡ ᠵᠠᠩᠬᠢᠵᠢᠯᠠᠯᠲᠠ᠂ ᠳ᠋ᠢᠵᠢᠲᠴᠢᠯᠠᠯᠲᠠᠶᠢᠨ ᠪᠦᠲᠦᠭᠡᠨ ᠪᠠᠢᠭᠤᠯᠤᠯᠲᠠ᠎ᠶᠢᠨ ᠲᠥᠰᠦᠯ᠂ ᠰᠣᠶᠤᠯ ᠪᠠ ᠱᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠢ ᠤᠶᠠᠯᠳᠤᠭᠤᠯᠤᠭᠰᠠᠨ ᠲᠥᠰᠦᠯ᠂ ᠰᠣᠶᠤᠯ ᠪᠠ ᠭᠠᠵᠠᠷ ᠬᠥᠷᠦᠩᠭᠡ᠎ᠶᠢᠨ ᠪᠦᠲᠦᠭᠡᠨ ᠪᠠᠢᠭᠤᠯᠤᠯᠲᠠ᠎ᠶᠢ ᠤᠶᠠᠯᠳᠤᠭᠤᠯᠤᠭᠰᠠᠨ ᠲᠥᠰᠦᠯ ᠵᠡᠷᠭᠡ᠎ᠶᠢ ᠤᠷᠢᠳ ᠬᠣᠵᠢᠳ ᠣᠯᠠᠨᠲᠠ ᠵᠣᠬᠢᠶᠠᠨ ᠪᠠᠢᠭᠤᠯᠤᠨ ᠲᠥᠰᠦᠪᠯᠡᠨ ᠬᠡᠷᠡᠭᠵᠢᠭᠦᠯᠵᠦ᠂ ᠰᠣᠶᠤᠯ ᠪᠠ ᠬᠥᠷᠦᠩᠭᠡ ᠣᠷᠤᠭᠤᠯᠤᠯᠲᠠ᠎ᠶᠢᠨ ᠤᠶᠠᠯᠳᠤᠯ ᠵᠡᠷᠭᠡ ᠲᠠᠯ᠎ᠠ᠎ᠪᠡᠷ ᠢᠳᠡᠪᠬᠢᠲᠡᠢ᠎ᠪᠡᠷ ᠬᠠᠢᠨ ᠰᠦᠪᠡᠭᠴᠢᠯᠡᠯᠲᠡ ᠪᠠ ᠣᠷᠤᠯᠳᠤᠯᠭ᠎ᠠ ᠲᠤᠷᠱᠢᠯᠲᠠ ᠬᠢᠵᠠᠢ᠃
ᠬᠡᠪᠯᠡᠯ᠎ᠦᠨ ᠪᠦᠯᠦᠭᠯᠡᠯ᠎ᠨᠢ ᠣᠳᠤᠬᠠᠨ᠎ᠳᠤ ᠨᠣᠮ ᠪᠢᠴᠢᠭ᠂ ᠰᠣᠨᠢᠨ ᠰᠡᠳᠭᠦᠯ᠂ ᠡᠯᠸᠺᠲᠷᠤᠨ ᠳᠠᠭᠤᠤ ᠳᠦᠷᠰᠦ ᠱᠢᠩᠭᠡᠭᠡᠯᠲᠡ᠂ ᠰᠦᠯᠵᠢᠶᠡᠨ᠎ᠤ ᠬᠡᠪᠯᠡᠯ᠂ ᠳ᠋ᠢᠵᠢᠲᠴᠢᠯᠡᠭᠰᠠᠨ ᠬᠡᠪᠯᠡᠯ᠂ ᠵᠥᠭᠡᠯᠡᠨ ᠲᠣᠨᠤᠭ ᠰᠤᠳᠤᠯᠤᠨ ᠦᠢᠯᠡᠳᠬᠦ᠂ ᠬᠡᠪᠯᠡᠯ᠎ᠦᠨ ᠪᠦᠲᠦᠭᠡᠭᠳᠡᠬᠦᠨ᠎ᠢ ᠬᠡᠪᠯᠡᠬᠦ᠂ ᠲᠠᠷᠬᠠᠭᠠᠬᠤ᠂ ᠶᠡᠷᠦᠩᠬᠡᠢᠯᠡᠭᠰᠡᠨ ᠠᠭᠤᠯᠭ᠎ᠠ᠎ᠶᠢᠨ ᠳ᠋ᠠᠢᠲ᠋ᠠ ᠬᠥᠮᠦᠷᠭᠡ ᠬᠢᠬᠦ᠂ ᠬᠡᠪᠯᠡᠯ᠎ᠦᠨ ᠡᠷᠬᠡ᠎ᠶᠢᠨ ᠠᠷᠠᠯᠵᠢᠶ᠎ᠠ ᠬᠢᠬᠦ ᠵᠡᠷᠭᠡ᠎ᠶᠢ ᠨᠢᠭᠡ ᠴᠣᠭᠴᠠ ᠪᠣᠯᠭᠠᠵᠤ᠂ ᠵᠣᠴᠢᠳ᠎ᠤᠨ ᠪᠠᠭᠤᠳᠠᠯ᠂ ᠰᠣᠶᠤᠯ᠎ᠤᠨ ᠬᠦᠷᠢᠶᠡᠯᠡᠩ᠂ ᠰᠣᠶᠤᠯ᠎ᠤᠨ ᠱᠢᠨ᠎ᠡ᠎ᠶᠢ ᠡᠭᠦᠳᠬᠦ ᠵᠡᠷᠭᠡ ᠱᠢᠨ᠎ᠡ᠎ᠪᠡᠷ ᠪᠤᠢ ᠪᠣᠯᠵᠤ ᠪᠠᠢᠭ᠎ᠠ ᠤᠯᠠᠨ ᠲᠥᠷᠦᠯ᠎ᠦᠨ ᠠᠵᠢᠯ ᠦᠢᠯᠡᠰ᠎ᠦᠨ ᠬᠥᠭᠵᠢᠯᠲᠡ᠎ᠶᠢᠨ ᠠᠷᠭ᠎ᠠ ᠪᠠᠷᠢᠯ᠎ᠢ ᠬᠠᠮᠲᠤᠪᠡᠷ ᠬᠦᠭᠵᠢᠭᠦᠯᠵᠦ ᠪᠤᠢ᠃
ᠬᠡᠳᠦᠨ ᠵᠢᠯ᠎ᠦᠨ ᠲᠤᠷᠱᠢᠬᠢ ᠦᠢᠯᠡᠰ ᠪᠦᠲᠦᠭᠡᠬᠦ ᠬᠠᠲᠠᠭᠤᠵᠢᠯᠲᠠᠢ ᠴᠢᠷᠮᠠᠢᠯᠭ᠎ᠠ ᠪᠠ ᠱᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠡᠵᠡᠩᠨᠡᠯᠲᠡ᠎ᠶᠢᠨ ᠬᠠᠮᠢᠶᠠᠷᠤᠯᠲᠠ᠎ᠪᠡᠷ ᠳᠠᠮᠵᠢᠭᠠᠳ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠡᠯ᠎ᠡ ᠲᠥᠷᠦᠯ᠎ᠦᠨ ᠡᠵᠡᠩᠨᠡᠯᠲᠡ᠎ᠶᠢᠨ ᠲᠣᠭ᠎ᠠ ᠨᠤᠷᠮ᠎ᠠ᠎ᠨᠢ ᠵᠢᠯ᠎ᠠᠴᠠ ᠵᠢᠯ ᠳᠡᠭᠡᠭᠱᠢᠯᠡᠵᠤ᠂ ᠦᠷᠭᠦᠯᠵᠢᠯᠡᠨ ᠬᠦᠭᠵᠢᠬᠦ ᠤᠯᠠᠮ ᠰᠠᠢᠨ ᠪᠣᠯᠤᠮᠵᠢ᠎ᠶᠢ ᠪᠤᠢ ᠪᠣᠯᠭᠠᠵᠠᠢ᠃
ᠣᠳᠤᠬᠠᠨ᠎ᠳᠤ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠤᠨ ᠶᠡᠷᠦᠩᠬᠡᠢ ᠡᠳ ᠬᠥᠷᠦᠩᠭᠡ᠎ᠨᠢ 23.43 ᠳ᠋ᠦᠩᠱᠢᠭᠤᠷ ᠲᠥᠭᠦᠷᠢᠭ᠎ᠲᠤ ᠬᠦᠷᠴᠦ᠂ ᠴᠡᠪᠡᠷ ᠡᠳ ᠬᠥᠷᠦᠩᠭᠡ᠎ᠶᠢᠨ ᠶᠡᠷᠦᠩᠬᠡᠢ ᠲᠣᠭ᠎ᠠ᠎ᠨᠢ 14.75 ᠳ᠋ᠦᠩᠱᠢᠭᠤᠷ ᠲᠥᠭᠦᠷᠢᠭ᠎ᠲᠤ ᠬᠦᠷᠴᠦ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠪᠠᠢᠭᠤᠯᠤᠭᠳᠠᠬᠤ ᠦᠶ᠎ᠡ᠎ᠶᠢᠨ ᠬᠢ᠎ᠲᠠᠢ᠎ᠪᠠᠨ ᠬᠠᠷᠢᠴᠠᠭᠤᠯᠪᠠᠯ ᠲᠤᠰ ᠪᠦᠷᠢ 117.15% ᠪᠠ 97.32%᠎ᠪᠡᠷ ᠨᠡᠮᠡᠭᠳᠡᠵᠤ᠂ ᠤᠯᠤᠰ᠎ᠤᠨ ᠥᠮᠴᠢᠯᠡᠯᠲᠦ ᠡᠳ ᠬᠥᠷᠦᠩᠭᠡ᠎ᠶᠢᠨ ᠦᠷᠳᠡᠭ᠎ᠢ ᠪᠠᠲᠤᠯᠠᠬᠤ ᠨᠡᠮᠡᠭᠳᠡᠯ ᠦᠷᠳᠡᠭ᠎ᠦᠨ ᠨᠤᠷᠮ᠎ᠠ᠎ᠨᠢ ᠬᠡᠪᠯᠡᠯ᠎ᠦᠨ ᠪᠦᠯᠦᠭᠯᠡᠯ ᠪᠠᠢᠭᠤᠯᠤᠭᠳᠠᠬᠤ ᠦᠶ᠎ᠡ᠎ᠶᠢᠨ ᠬᠢ᠎ᠠᠴᠠ᠎ᠪᠠᠨ 197.32%᠎ᠪᠡᠷ ᠨᠡᠮᠡᠭᠳᠡᠵᠡᠢ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠡᠯ᠎ᠡ ᠲᠥᠷᠦᠯ᠎ᠦᠨ ᠠᠵᠢᠯ ᠦᠢᠯᠡᠰ ᠪᠣᠯᠤᠨ ᠠᠵᠤ ᠦᠢᠯᠡᠳᠪᠦᠷᠢ᠎ᠶᠢᠨ ᠲᠠᠯ᠎ᠠ᠎ᠪᠡᠷ ᠬᠢ ᠥᠷᠨᠢᠩᠭᠦᠢ ᠶᠡᠬᠡ ᠬᠥᠭᠵᠢᠯᠲᠡ᠎ᠨᠢ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠲᠤᠳᠤᠨ᠎ᠠ ᠭᠠᠳᠠᠨᠠᠬᠢ ᠠᠳᠠᠯᠢ ᠪᠤᠰᠤ ᠮᠡᠷᠭᠡᠵᠢᠯ᠎ᠦᠨ ᠲᠠᠯ᠎ᠠ᠎ᠪᠠᠷ ᠱᠢᠯᠢᠳᠡᠭ ᠴᠢᠳᠠᠪᠦᠷᠢᠲᠡᠨ᠎ᠤ ᠠᠩᠬᠠᠷᠤᠯ᠎ᠢ ᠲᠠᠲᠠᠭᠰᠠᠨ ᠮᠥᠷᠲᠡᠭᠡᠨ ᠮᠠᠨ᠎ᠤ ᠬᠡᠪᠯᠡᠯ᠎ᠦᠨ ᠪᠦᠯᠦᠭᠯᠡᠯᠨᠢᠴᠦ ᠥᠪᠡᠷᠰᠡᠳ᠎ᠢᠶᠡᠨ ᠱᠢᠯᠢᠳᠡᠭ ᠴᠢᠳᠠᠪᠦᠷᠢᠲᠡᠨ᠎ᠢ ᠲᠠᠰᠤᠷᠠᠯᠲᠠ᠎ᠦᠭᠡᠢ᠎ᠪᠠᠷ ᠬᠥᠮᠦᠵᠢᠭᠦᠯᠦᠨ ᠭᠠᠷᠭᠠᠭᠰᠠᠭᠠᠷ ᠪᠠᠢᠭ᠎ᠠ᠎ᠶᠤᠮ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠠᠵᠢᠯᠲᠠᠨ ᠠᠵᠢᠯᠴᠢᠨ᠎ᠤ ᠳᠣᠲᠤᠷ᠎ᠠ᠂ ᠣᠶᠤᠲᠠᠨ᠎ᠤ ᠰᠤᠷᠤᠯᠭ᠎ᠠ᠎ᠶᠢᠨ ᠨᠠᠮᠳᠠᠷ᠎ᠲᠠᠢ᠎ᠨᠢ 365 ᠬᠥᠮᠦᠨ᠂ ᠰᠤᠳᠤᠯᠬᠤ ᠰᠤᠷᠤᠭᠴᠢ᠎ᠶᠢᠨ ᠰᠤᠷᠤᠯᠭ᠎ᠠ᠎ᠶᠢᠨ ᠨᠠᠮᠳᠠᠷ᠎ᠲᠠᠢ᠎ᠨᠢ 153 ᠬᠥᠮᠦᠨ᠂ ᠳ᠋ᠤᠺᠲ᠋ᠤᠷ᠎ᠤᠨ ᠰᠤᠷᠤᠯᠭ᠎ᠠ᠎ᠶᠢᠨ ᠨᠠᠮᠳᠠᠷ᠎ᠲᠠᠢ᠎ᠨᠢ 8 ᠬᠥᠮᠦᠨ ᠪᠠᠢᠵᠤ᠂ ᠳᠤᠮᠳᠠ ᠵᠡᠷᠭᠡ᠎ᠡᠴᠡ ᠳᠡᠭᠡᠭᠱᠢᠬᠢ ᠠᠵᠢᠯ ᠮᠡᠷᠭᠡᠵᠢᠯ᠎ᠦᠨ ᠴᠣᠯᠠ᠎ᠲᠠᠢ᠎ᠨᠢ 492 ᠬᠥᠮᠦᠨ᠂ ᠳᠡᠳ᠋ ᠥᠨᠳᠦᠷ ᠵᠡᠷᠭᠡ᠎ᠶᠢᠨ ᠠᠵᠢᠯ ᠮᠡᠷᠭᠡᠵᠢᠯ᠎ᠦᠨ ᠴᠣᠯᠠ᠎ᠲᠠᠢ᠎ᠨᠢ 68 ᠬᠥᠮᠦᠨ᠂ ᠵᠢᠩᠬᠢᠨᠢ ᠥᠨᠳᠦᠷ ᠵᠡᠷᠭᠡ᠎ᠶᠢᠨ ᠠᠵᠢᠯ ᠮᠡᠷᠭᠡᠵᠢᠯ᠎ᠦᠨ ᠴᠣᠯᠠ᠎ᠲᠠᠢ᠎ᠨᠢ 75 ᠬᠥᠮᠦᠨ ᠪᠤᠢ᠃
ᠮᠠᠨ᠎ᠤ ᠬᠡᠪᠯᠡᠯ᠎ᠦᠨ ᠪᠦᠯᠦᠭᠯᠡᠯ᠎ᠦᠨ ᠠᠵᠢᠯᠲᠠᠨ ᠠᠵᠢᠯᠴᠢᠳ᠎ᠨᠢ 《ᠳᠤᠮᠳᠠᠳᠤ ᠤᠯᠤᠰ᠎ᠤᠨ ᠬᠡᠪᠯᠡᠯ᠎ᠦᠨ ᠵᠠᠰᠠᠭ᠎ᠤᠨ ᠣᠷᠳᠤᠨ᠎ᠤ ᠱᠠᠩᠨᠠᠯ》 ᠂ 《ᠳᠤᠮᠳᠠᠳᠤ ᠤᠯᠤᠰ᠎ᠤᠨ ᠲᠤᠤ ᠹᠸᠨ ᠬᠡᠪᠯᠡᠯ᠎ᠦᠨ ᠱᠠᠩᠨᠠᠯ》 ᠂ 《ᠪᠦᠬᠦ ᠤᠯᠤᠰ᠎ᠤᠨ ᠠᠵᠢᠯ ᠲᠥᠷᠦᠯ᠎ᠦᠨ ᠳᠠᠭᠠᠭᠤᠯᠤᠭᠴᠢ ᠬᠥᠮᠦᠰ᠎ᠦᠨ ᠱᠠᠩᠨᠠᠯ》 ᠂ 《ᠤᠯᠠᠭᠠᠨᠬᠦᠦ᠎ᠶᠢᠨ ᠰᠠᠭᠤᠷᠢ ᠮᠥᠩᠭᠦᠨ᠎ᠤ ᠨᠡᠢᠭᠡᠮᠯᠢᠭ᠎ᠦᠨ ᠮᠣᠩᠭᠤᠯ ᠦᠭᠡ ᠬᠡᠯᠡ ᠦᠰᠦᠭ ᠪᠢᠴᠢᠭ᠎ᠦᠨ ᠱᠠᠩᠨᠠᠯ》 ᠂ 《ᠳᠤᠮᠳᠠᠳᠤ ᠤᠯᠤᠰ᠎ᠤᠨ ᠵᠠᠭᠤᠨ ᠱᠢᠯᠢᠳᠡᠭ ᠬᠡᠪᠯᠡᠯ᠎ᠦᠨ ᠠᠵᠤ ᠠᠬᠤᠢᠯᠠᠯᠲᠠᠨ》 ᠂ 《ᠱᠢᠨ᠎ᠡ ᠳᠤᠮᠳᠠᠳᠤ ᠤᠯᠤᠰ᠎ᠤᠨ 60 ᠵᠢᠯ᠎ᠳᠡᠬᠢ ᠵᠠᠭᠤᠨ ᠱᠢᠯᠢᠳᠡᠭ ᠬᠡᠪᠯᠡᠯ᠎ᠦᠨ ᠦᠢᠯᠡᠰᠲᠡᠨ》 ᠂ 《ᠳᠣᠪᠤᠢᠮ᠎ᠠ ᠬᠤᠪᠢ ᠨᠡᠮᠡᠷᠢ ᠦᠵᠡᠭᠦᠯᠦᠭᠰᠡᠨ ᠰᠣᠨᠢᠨ ᠮᠡᠳᠡᠭᠡ ᠬᠡᠪᠯᠡᠯ᠎ᠦᠨ ᠲᠤᠰᠭᠠᠢ ᠮᠡᠷᠭᠡᠵᠢᠯ᠎ᠦᠨ ᠵᠠᠭᠤᠨ ᠴᠢᠳᠠᠪᠦᠷᠢᠲᠠᠨ》 ᠂ ᠲᠠᠪᠤᠳᠤᠭᠠᠷ ᠬᠤᠭᠤᠴᠠᠭᠠᠨ᠎ᠤ 《ᠲᠥᠷᠦ᠎ᠶᠢᠨ ᠶᠠᠪᠤᠳᠠᠯ᠎ᠤᠨ ᠬᠣᠷᠢᠶᠠᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶᠢᠨ ᠵᠢᠱ᠌ᠢᠶᠡᠴᠢ ᠬᠤᠪᠢ ᠬᠥᠮᠦᠨ》 ᠂ 《ᠪᠦᠬᠦ ᠤᠯᠤᠰ᠎ᠤᠨ ᠰᠣᠨᠢᠨ ᠮᠡᠳᠡᠭᠡ ᠬᠡᠪᠯᠡᠯ᠎ᠦᠨ ᠱᠢᠰᠲᠧᠮ᠎ᠦᠨ ᠲᠡᠷᠢᠭᠦᠨ᠎ᠤ ᠠᠵᠢᠯᠲᠠᠨ》 ᠂ 《ᠪᠦᠬᠦ ᠤᠯᠤᠰ᠎ᠤᠨ ᠵᠠᠭᠤᠨ ᠱᠢᠯᠢᠳᠡᠭ ᠬᠡᠪᠯᠡᠯ᠎ᠦᠨ ᠠᠵᠢᠯᠲᠠᠨ》 ᠂ 《ᠪᠦᠬᠦ ᠤᠯᠤᠰ᠎ᠤᠨ ᠰᠣᠨᠢᠨ ᠮᠡᠳᠡᠭᠡ ᠬᠡᠪᠯᠡᠯ᠎ᠦᠨ ᠦᠢᠯᠡᠰ᠎ᠲᠤ ᠳᠣᠪᠤᠢᠮ᠎ᠠ ᠬᠤᠪᠢ ᠨᠡᠮᠡᠷᠢ ᠦᠵᠡᠭᠦᠯᠦᠭᠰᠡᠨ ᠵᠠᠯᠠᠭᠤ ᠢᠳᠡᠷ ᠲᠤᠰᠭᠠᠢ ᠮᠡᠷᠭᠡᠵᠢᠯᠲᠠᠨ》 ᠂ 《ᠪᠦᠬᠦ ᠤᠯᠤᠰ᠎ᠤᠨ ᠵᠠᠯᠠᠭᠤ ᠢᠳᠡᠷ ᠨᠠᠰᠤᠨ᠎ᠤ ᠱᠢᠯᠢᠳᠡᠭ ᠨᠠᠢᠷᠠᠭᠤᠯᠤᠭᠴᠢ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠰᠣᠨᠢᠨ ᠮᠡᠳᠡᠭᠡ ᠬᠡᠪᠯᠡᠯ᠎ᠦᠨ ᠹᠷᠤᠨᠲ᠎ᠤᠨ ᠠᠷᠪᠠᠨ ᠶᠡᠬᠡ ᠴᠢᠳᠠᠪᠦᠷᠢᠲᠠᠨ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠠᠷᠪᠠᠨ ᠱᠢᠯᠢᠳᠡᠭ ᠨᠠᠢᠷᠠᠭᠤᠯᠤᠭᠴᠢ》 ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠦᠨᠳᠦᠰᠦᠲᠡᠨ᠎ᠤ ᠪᠦᠯᠬᠦᠮᠳᠡᠯ ᠳᠠᠪᠱᠢᠯᠲᠠ᠎ᠶᠢᠨ ᠲᠡᠷᠢᠭᠦᠨ᠎ᠤ ᠬᠤᠪᠢ ᠬᠥᠮᠦᠨ》 ᠂ 《ᠪᠦᠬᠦ ᠣᠷᠤᠨ᠎ᠤ ᠳᠥᠷᠪᠡᠨ ᠨᠢᠭᠡ ᠪᠦᠯᠦᠭ ᠴᠢᠳᠠᠪᠦᠷᠢᠲᠠᠨ》 ᠂ 《ᠮᠣᠩᠭᠤᠯ ᠦᠭᠡ ᠬᠡᠯᠡ ᠦᠰᠦᠭ ᠪᠢᠴᠢᠭ᠎ᠢ ᠰᠤᠷᠴᠤ ᠬᠡᠷᠡᠭᠯᠡᠭᠰᠡᠨ ᠲᠡᠷᠢᠭᠦᠨ᠎ᠤ ᠬᠤᠪᠢ ᠬᠥᠮᠦᠨ》 ᠵᠡᠷᠭᠡ ᠱᠠᠩᠨᠠᠯ ᠬᠥᠬᠢᠭᠦᠯᠦᠯ᠎ᠢ ᠣᠯᠠᠨᠲᠠ ᠬᠦᠷᠲᠡᠵᠡᠢ᠃
ᠭᠣᠤᠯ ᠠᠵᠢᠯ᠎ᠢᠶᠡᠨ ᠤᠯᠠᠮ ᠬᠦᠴᠦᠷᠬᠡᠭᠵᠢᠭᠦᠯᠵᠦ᠂ ᠠᠵᠦ ᠦᠢᠯᠡᠰ᠎ᠢᠶᠡᠨ ᠤᠯᠠᠮ᠎ᠢᠶᠠᠷ ᠥᠷᠭᠡᠳᠭᠡᠵᠦ᠂ ᠡᠭᠦᠷᠭᠡ ᠬᠠᠷᠢᠭᠤᠴᠠᠯᠭ᠎ᠠ᠎ᠪᠠᠨ ᠤᠮᠠᠷᠳᠠᠯᠦᠭᠡᠢᠪᠠᠷ ᠬᠣᠱᠢᠭᠤᠴᠢᠯᠠᠨ ᠳᠠᠪᠱᠢᠬᠤ᠎ᠨᠢ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠴᠠᠭ ᠢᠮᠠᠭᠲᠠ ᠪᠠᠷᠢᠮᠳᠠᠯᠠᠭᠰᠠᠭᠠᠷ ᠢᠷᠡᠭᠰᠡᠨ ᠬᠥᠭᠵᠢᠯᠲᠡ᠎ᠶᠢᠨ ᠦᠨᠳᠦᠰᠦᠨ ᠣᠢᠯᠠᠭᠠᠯᠲᠠ ᠪᠣᠯᠤᠨ᠎ᠠ᠃
ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠨᠢ ᠡᠭᠦᠨ᠎ᠡᠴᠡ ᠬᠣᠢᠱᠢᠴᠤ ᠤᠯᠤᠰ ᠪᠠ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠬᠦᠴᠦᠲᠡᠢ ᠳᠡᠮᠵᠢᠯᠭᠡ ᠳᠣᠤᠷ᠎ᠠ᠂ ᠦᠨᠳᠦᠰᠦᠲᠡᠨ᠎ᠤ᠎ᠪᠠᠨ ᠰᠣᠶᠤᠯ ᠪᠠ ᠲᠠᠯ᠎ᠠ ᠨᠤᠳᠤᠭ᠎ᠤᠨ ᠰᠣᠶᠤᠯ᠎ᠤᠨ᠎ᠢᠶᠠᠨ ᠡᠯᠪᠡᠭ ᠪᠠᠶᠠᠨ ᠡᠬᠢ ᠪᠠᠶᠠᠯᠢᠭ᠎ᠲᠤ ᠲᠦᠱᠢᠭᠯᠡᠨ᠂ ᠰᠣᠶᠤᠯ᠎ᠤᠨ ᠠᠵᠢᠯ ᠦᠢᠯᠡᠰ ᠪᠠ ᠰᠣᠶᠤᠯ᠎ᠤᠨ ᠠᠵᠤ ᠦᠢᠯᠡᠳᠪᠦᠷᠢ ᠬᠤᠶᠠᠷ᠎ᠢᠶᠠᠷ ᠵᠢᠭᠦᠷᠯᠡᠵᠤ᠂ ᠰᠣᠶᠤᠯ᠎ᠢᠶᠠᠨ ᠬᠥᠭᠵᠢᠭᠦᠯᠦᠨ ᠤᠯᠠᠮᠵᠢᠯᠠᠬᠤ᠎ᠪᠠᠷ ᠴᠢᠬᠤᠯᠠ ᠡᠭᠦᠷᠭᠡ᠎ᠪᠠᠨ ᠪᠣᠯᠭᠠᠵᠤ᠂ ᠥᠭᠡᠷᠡᠴᠢᠯᠡᠯᠲᠡ ᠬᠢᠵᠤ ᠱᠢᠨ᠎ᠡ᠎ᠶᠢ ᠡᠭᠦᠳᠬᠦ ᠠᠬᠢᠴᠠ᠎ᠪᠠᠨ ᠲᠦᠷᠭᠡᠳᠬᠡᠵᠤ᠂ ᠳᠤᠳᠤᠭᠠᠲᠤ᠎ᠳᠡᠬᠢ ᠬᠦᠴᠦᠨ᠎ᠢᠶᠡᠨ ᠢᠳᠡᠪᠬᠢᠵᠢᠭᠦᠯᠵᠦ᠂ ᠲᠦᠯᠬᠢᠴᠡ ᠬᠦᠴᠦᠨ᠎ᠢᠶᠡᠨ ᠨᠡᠮᠡᠭᠳᠡᠭᠦᠯᠵᠦ᠂ ᠪᠦᠰᠡ ᠨᠤᠳᠤᠭ ᠠᠯᠭᠠᠰᠠᠭᠰᠠᠨ᠂ ᠬᠦᠷᠢᠶ᠎ᠡ ᠬᠡᠪᠴᠢᠶ᠎ᠡ ᠠᠯᠭᠠᠰᠠᠭᠰᠠᠨ᠂ ᠪᠦᠬᠦᠢᠯᠡ ᠲᠠᠯ᠎ᠠ᠎ᠪᠡᠷ ᠬᠠᠮᠲᠤᠷᠠᠯᠴᠠᠨ᠂ ᠬᠠᠮᠲᠤᠪᠡᠷ ᠠᠱᠢᠭ ᠬᠦᠷᠲᠡᠬᠦ ᠲᠠᠯ᠎ᠠ᠎ᠪᠠᠷ ᠤᠯᠠᠮ ᠱᠢᠨ᠎ᠡ ᠠᠮᠵᠢᠯᠲᠠ ᠤᠯᠬᠤ᠎ᠶᠢ ᠪᠡᠶᠡᠯᠡᠭᠦᠯᠬᠦ᠎ᠶᠢᠨ ᠲᠥᠯᠦᠭᠡ ᠮᠡᠷᠡᠢᠨ ᠴᠢᠷᠮᠠᠢᠵᠤ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠠᠵᠤ ᠠᠬᠤᠢ᠂ ᠨᠡᠢᠭᠡᠮ᠎ᠦᠨ ᠬᠥᠭᠵᠢᠯᠲᠡ ᠪᠠ ᠮᠠᠨ᠎ᠤ ᠤᠯᠤᠰ᠎ᠤᠨ ᠰᠣᠶᠤᠯ᠎ᠤᠨ ᠠᠵᠤ ᠦᠢᠯᠡᠳᠪᠦᠷᠢ᠎ᠶᠢᠨ ᠬᠥᠭᠵᠢᠨ ᠮᠠᠨᠳᠤᠬᠤ᠎ᠳᠤ ᠤᠯᠠᠮ ᠱᠢᠨ᠎ᠡ᠂ ᠤᠯᠠᠮ ᠶᠡᠬᠡ ᠬᠤᠪᠢ ᠨᠡᠮᠡᠷᠢ ᠦᠵᠡᠭᠦᠯᠬᠦ᠎ᠪᠡᠷ ᠮᠡᠷᠡᠢᠨ ᠴᠢᠷᠮᠠᠢᠬᠤ ᠪᠣᠯᠤᠨ᠎ᠠ᠃