ᠠ᠊᠊·ᠤᠳᠽᠠᠷ᠎ᠤᠨ ᠮᠡᠨᠳᠦᠯᠡᠭᠰᠡᠨ 95 ᠵᠢᠯ᠎ᠤᠨ ᠤᠢ ᠵᠢ ᠳᠤᠷᠠᠰᠭᠠᠬᠤ ᠰᠠᠭᠤᠳᠠᠯ᠎ᠤᠨ ᠬᠤᠷᠠᠯ ᠪᠠᠭᠠᠷᠢᠨ ᠪᠠᠷᠠᠭᠤᠨ ᠬᠣᠱᠢᠭᠤᠨ᠎ᠳᠤ ᠶᠠᠪᠤᠭᠳᠠᠪᠠ
2019.10.16

  10 ᠰᠠᠷ᠎ᠡ᠎ᠵᠢᠨ 9᠎ᠠᠴᠠ 10᠎ᠤ ᠡᠳᠦᠷ ᠪᠣᠯᠳᠠᠯ᠎ᠠ᠂ ᠠᠯᠳᠠᠷᠳᠤ ᠵᠤᠬᠢᠶᠠᠯᠴᠢ᠂ ᠣᠳᠬ᠎ᠠ ᠵᠣᠬᠢᠶᠠᠯ ᠣᠷᠠᠯᠢᠭ᠎ᠤᠨ ᠭᠠᠷᠮᠠᠭᠠᠢ ᠵᠢᠳᠬᠦᠯᠳᠡᠨ ᠠ᠊·ᠤᠳᠽᠠᠷ᠎ᠤᠨ ᠮᠡᠨᠳᠦᠯᠡᠭᠰᠡᠨ 95 ᠵᠢᠯ᠎ᠤᠨ ᠤᠢ ᠵᠢ ᠳᠤᠷᠠᠰᠭᠠᠬᠤ ᠰᠠᠭᠤᠳᠠᠯ᠎ᠤᠨ ᠬᠤᠷᠠᠯ᠂ ᠶᠡᠭᠡ ᠪᠠᠭᠱᠢᠳᠠᠨ᠎ᠤ ᠲᠦᠷᠦᠭᠰᠡᠨ ᠨᠣᠳᠤᠭ ᠪᠣᠯᠬᠤᠠᠯᠮᠠᠰ᠎ᠤᠨ ᠲᠠᠭᠤᠤ᠎ᠲᠠᠢ᠂ ᠰᠣᠪᠤᠳ ᠰᠠᠴᠤᠭᠰᠠᠨ ᠲᠠᠯ᠎ᠠᠪᠠᠭᠠᠷᠢᠨ ᠪᠠᠷᠠᠭᠤᠠ ᠬᠤᠱᠢᠭᠤᠨ᠎ᠳᠤ ᠦᠪᠡᠳᠡᠭᠱᠢ ᠰᠠᠢᠬᠠᠨ ᠶᠠᠪᠤᠭᠳᠠᠯ᠎ᠠ᠃
  ᠦᠪᠦᠷ ᠮᠤᠩᠭᠤᠯ᠎ᠤᠨ ᠤᠳᠬ᠎ᠠ ᠤᠷᠠᠯᠢᠭ᠎ᠤᠨ ᠬᠢᠨ᠎ᠤ ᠬᠤᠯᠪᠤᠭ᠎ᠠ᠂ ᠳᠤᠮᠳᠠᠳᠦ ᠤᠯᠤᠰ᠎ᠤᠨ ᠮᠤᠩᠭᠤᠯ ᠤᠳᠬ᠎ᠠ ᠵᠤᠬᠢᠶᠠᠯ᠎ᠤᠨ ᠱᠢᠨᠵᠢᠯᠡᠭᠡᠨ᠎ᠤ ᠨᠡᠢᠭᠡᠮᠯᠢᠭ᠂ ᠦᠪᠦᠷ ᠮᠤᠩᠭᠤᠯ᠎ᠤᠨ ᠵᠤᠬᠢᠶᠠᠯᠴᠢᠳ᠎ᠤᠨ ᠡᠪᠯᠡᠯ᠂ ᠪᠠᠭᠠᠷᠢᠨ ᠪᠠᠷᠠᠭᠤᠨ ᠬᠤᠱᠢᠭᠤᠨ᠎ᠤ ᠠᠷᠠᠳ᠎ᠤᠨ ᠵᠠᠰᠠᠭ᠎ᠤᠨ ᠤᠷᠲᠤᠨ ᠡᠴᠠ ᠲᠤᠰ ᠣᠳᠠᠭᠠᠨ᠎ᠤ ᠰᠠᠭᠤᠳᠠᠯ᠎ᠤᠨ ᠬᠤᠷᠠᠯ᠎ᠢ ᠰᠡᠳᠦᠨ ᠡᠷᠬᠢᠯᠡᠵᠦ᠂ ᠲᠦᠪ᠎ᠤᠨ ᠦᠨᠳᠦᠰᠦᠳᠡᠨ᠎ᠤ ᠶᠡᠭᠡ ᠰᠣᠷᠭᠠᠭᠤᠯᠢ᠂ ᠦᠪᠦᠷ ᠮᠣᠩᠭᠤᠯ᠎ᠤᠨ ᠦᠪᠡᠷᠳᠡᠭᠡᠨ ᠵᠠᠰᠠᠬᠤ ᠤᠷᠤᠨ ᠪᠠ ᠪᠦᠬᠦ ᠣᠷᠤᠨ᠎ᠤ ᠭᠡᠰᠡᠭ ᠠᠢᠮᠠᠭ ᠬᠤᠳᠠ᠎ᠵᠢᠨ ᠤᠳᠬ᠎ᠠ ᠤᠷᠠᠯᠢᠭ᠎ᠤᠨ ᠬᠢᠨ᠎ᠤ ᠬᠤᠯᠪᠤᠭ᠎ᠠ᠂
ᠦᠪᠦᠷ ᠮᠣᠩᠭᠤᠯ ᠣᠷᠤᠨ᠎ᠤ ᠲᠣᠳᠤᠨᠠᠬᠢ ᠨᠢᠭᠡ ᠪᠦᠯᠦᠭ ᠶᠡᠭᠡ ᠲᠡᠭᠡᠳᠦ ᠰᠤᠷᠭᠠᠭᠤᠯᠢ᠎ᠵᠢᠨ ᠡᠷᠲᠡᠮᠳᠡᠨ ᠰᠣᠳᠤᠯᠤᠭᠠᠴᠢᠳ᠂ ᠬᠦᠬᠡᠨᠠᠭᠤᠷ ᠮᠣᠵᠢ ᠵᠡᠷᠭᠡ ᠭᠡᠪᠯᠡᠯ ᠰᠡᠳᠬᠦᠯ᠎ᠤᠨ ᠬᠣᠷᠢᠶ᠎ᠠ᠎ᠶᠢᠨ ᠨᠠᠢᠷᠠᠭᠤᠯᠤᠭᠴᠢᠳ᠂ ᠬᠣᠱᠢᠭᠤ ᠰᠣᠮᠤ ᠨᠣᠳᠤᠭ᠎ᠤᠨ ᠨᠠᠮ ᠵᠠᠰᠠᠭ᠎ᠤᠨ ᠣᠳᠤᠷᠢᠳᠤᠯᠭ᠎ᠠ᠂ ᠵᠤᠬᠢᠶᠠᠯᠴᠢ᠎ᠨᠠᠷ᠂ ᠠ᠊·ᠤᠳᠽᠠᠷ᠎ᠤᠨ ᠲᠦᠷᠦᠯ ᠰᠠᠲᠤᠨ᠎ᠤ ᠲᠦᠯᠦᠭᠡᠯᠡᠭᠴᠢ ᠵᠡᠷᠭᠡ ᠡᠯ᠎ᠡ ᠡᠳᠡᠭᠡᠳ᠎ᠤᠨ ᠬᠢᠨ ᠬᠤᠷᠠᠯ᠎ᠳᠤ ᠤᠷᠤᠯᠴᠠᠵᠠᠢ᠃ ᠰᠠᠭᠤᠳᠠᠯ᠎ᠤᠨ ᠬᠤᠷᠠᠯ᠎ᠨᠢ ᠦᠪᠡᠳᠡᠭᠱᠢ ᠡᠬᠢᠯᠡᠯᠳᠡ᠎ᠵᠢᠨ ᠶᠤᠰᠦᠯᠠᠯ ᠶᠠᠪᠤᠭᠤᠯᠵᠤ᠂ ᠲᠤᠷᠠᠳᠭᠠᠯ᠎ᠤᠨ ᠹᠢᠯᠢᠮ ᠦᠵᠡᠨ ᠰᠣᠨᠢᠷᠬᠠᠵᠤ᠂ ᠠ᠊·ᠤᠳᠽᠠᠷ᠎ᠤᠨ ᠵᠣᠷᠢᠭ ᠰᠠᠨᠠᠭ᠎ᠠᠣᠷᠡᠨ ᠵᠣᠬᠢᠶᠠᠯ᠎ᠤᠨ ᠠᠬᠤᠢᠴᠢ ᠴᠢᠨᠡᠷ ᠬᠢᠭᠡᠳ ᠬᠦᠰᠡᠯᠡᠩᠳᠤ ᠴᠢᠨᠠᠷ —— ᠠ᠊·ᠤᠳᠽᠠᠷ᠎ᠤᠨ ᠲᠣᠭᠤᠵᠢᠰ ᠲᠣᠭᠤᠷᠪᠢᠯ ᠬᠢᠭᠡᠳ ᠠᠬᠤᠢᠴᠢ ᠰᠡᠳᠦᠪᠳᠦ ᠵᠣᠬᠢᠶᠠᠨ ᠪᠦᠳᠦᠭᠡᠯᠭᠡ᠂ ᠠ᠊·ᠤᠳᠽᠠᠷ᠂ ᠣᠳᠤ ᠦᠶ᠎ᠡ᠎ᠶᠢᠨ ᠮᠣᠩᠭᠤᠯ ᠣᠳᠬ᠎ᠠ ᠵᠣᠬᠢᠶᠠᠯ᠎ᠳᠡᠬᠢ ᠪᠠᠭᠠᠷᠢᠨ᠎ᠤ ᠦᠵᠡᠭᠳᠡᠯᠠ᠊·ᠤᠳᠽᠠᠷ᠎ᠤᠨ ᠭᠡᠤᠭᠡᠳ᠎ᠤᠨ ᠵᠣᠬᠢᠶᠠᠯ᠎ᠤᠨ ᠱᠢᠨᠵᠢᠯᠡᠯᠵᠡᠷᠭᠡ ᠭᠤᠤᠯ ᠰᠡᠲᠦᠪᠳᠦ ᠡᠷᠳᠡᠮᠳᠡᠳ᠎ᠤᠨ ᠶᠠᠷᠢᠶ᠎ᠡ ᠢᠯᠡᠳᠭᠡᠯ ᠶᠠᠪᠤᠭᠳᠠᠵᠤ᠂ ᠠᠪᠤᠷᠭᠤ ᠵᠣᠬᠢᠶᠠᠯᠴᠢ᠎ᠪᠡᠨ ᠲᠣᠷᠠᠳᠭᠠᠨ ᠰᠠᠨᠠᠭᠠᠯᠵᠠᠵᠤ᠂ ᠠᠣᠭ᠎ᠠ ᠪᠦᠳᠦᠭᠡᠯ᠎ᠢ᠎ᠨᠢ ᠰᠤᠳᠤᠯᠤᠨ ᠶᠠᠷᠢᠯᠴᠠᠬᠤ ᠪᠠ ᠶᠡᠭᠡ ᠵᠣᠬᠢᠶᠠᠯᠴᠢ᠎ᠶᠢᠨ ᠲᠦᠷᠦᠭᠰᠡᠨ ᠨᠤᠲᠤᠭ ᠣᠰᠤᠨ᠎ᠤ ᠬᠢᠨ ᠰᠣᠪᠤᠷᠭ᠎ᠠ ᠭᠣᠤᠯ ᠪᠠᠭ᠎ᠠ ᠰᠣᠷᠭᠠᠭᠤᠯᠢ᠎ᠶᠢᠨᠠ᠊· ᠤᠳᠽᠠᠷ ᠨᠣᠮ᠎ᠤᠨ ᠦᠷᠦᠭᠡ᠎ᠳᠦ ᠨᠤᠮ ᠪᠡᠯᠡᠭᠯᠡᠬᠦ ᠠᠵᠢᠯᠯᠠᠭ᠎ᠠ ᠦᠷᠨᠢᠬᠦᠯᠵᠤ᠂ ᠪᠠᠰᠨ ᠦᠪᠦᠷ ᠮᠣᠩᠭᠤᠯ᠎ᠤᠨ ᠶᠡᠭᠡ ᠰᠣᠷᠭᠠᠭᠤᠯᠢ᠎ᠶᠢᠨ ᠫᠷᠤᠹᠧᠰᠰᠤᠷ᠂ ᠦᠪᠦᠷ ᠮᠣᠩᠭᠤᠯ᠎ᠤᠨ ᠣᠳᠬ᠎ᠠ ᠣᠷᠠᠯᠢᠭ᠎ᠤᠨ ᠱᠢᠬᠦᠮᠵᠢᠯᠡᠭᠴᠢᠳ᠎ᠤᠨ ᠡᠪᠯᠡᠯ᠎ᠤᠨ᠎ᠨᠡᠷ᠎ᠡ ᠬᠦᠨᠳᠦᠲᠦ ᠲᠡᠷᠢᠬᠦᠯᠡᠭᠴᠢ ᠴ·ᠵᠢᠷᠭᠠᠯ ᠪᠠᠭᠱᠢ᠎ᠶᠢ ᠣᠷᠢᠵᠤ ᠰᠢ᠎ᠵᠢᠨ ᠫᠢᠩ ᠶᠡᠷᠦᠩᠬᠡᠢ ᠱᠦᠵᠢ᠎ᠶᠢᠨ ᠣᠳᠬ᠎ᠠ ᠣᠷᠠᠯᠢᠭ᠎ᠤᠨ ᠠᠵᠢᠯ᠎ᠤᠨ ᠴᠢᠬᠤᠯᠨ ᠦᠬᠦᠯᠡᠯᠳᠡ᠎ᠶᠢᠨ ᠲᠣᠬᠠᠢ ᠲᠣᠰᠭᠠᠢ ᠰᠡᠳᠦᠪᠳᠤ ᠶᠠᠷᠢᠶ᠎ᠠ ᠲᠠᠢᠯᠤᠮᠵᠢ ᠡᠷᠬᠢᠯᠡᠭᠡᠳ ᠠᠯᠳᠠᠷᠳᠦ ᠵᠤᠬᠢᠶᠠᠯᠴᠢ ᠠ᠊·ᠤᠳᠽᠠᠷ᠎ᠤᠨ ᠵᠤᠬᠢᠶᠠᠯ ᠪᠦᠲᠦᠭᠡᠯ᠂ ᠬᠦᠮᠦᠨ ᠮᠦᠰᠦ᠂ ᠦᠵᠡᠯ ᠰᠠᠨᠠᠭ᠎ᠠ᠂ ᠵᠠᠩ ᠰᠣᠷᠳᠠᠯ᠂ ᠬᠦᠰᠡᠯ ᠬᠦᠭᠡᠭᠡᠴᠡᠯᠳᠦᠯ᠎ᠤᠨ ᠲᠤᠬᠠᠢ ᠪᠦᠬᠦ ᠲᠠᠯ᠎ᠡ᠎ᠪᠠᠷ ᠰᠠᠨᠠᠭᠠᠯᠵᠠᠨ ᠲᠣᠷᠠᠳᠭᠠᠵᠤ᠂ ᠲᠡᠭᠦᠨ᠎ᠤᠠᠷᠠᠳ ᠲᠦᠮᠡᠨ᠎ᠳᠦ ᠦᠢᠯᠡᠴᠢᠯᠡᠬᠦ᠂ ᠨᠡᠢᠭᠡᠮ ᠵᠢᠷᠦᠮ᠎ᠳᠦ ᠦᠢᠯᠡᠴᠢᠯᠡᠬᠦᠴᠢᠭᠯᠡᠯ᠎ᠢ ᠭᠣᠢᠪᠢᠱᠢ ᠦᠬᠡᠢ ᠪᠠᠷᠢᠮᠳᠠᠯᠠᠨ᠂ ᠣᠭ ᠰᠠᠨᠠᠭ᠎ᠠ᠎ᠪᠡᠨ ᠦᠯᠦ ᠮᠠᠷᠳᠠᠨ ᠭᠡᠵᠢᠶ᠎ᠡ ᠢᠮᠠᠭᠳᠠ ᠠᠷᠠᠳ ᠲᠦᠮᠡᠨ᠎ᠢᠶᠡᠷ ᠲᠦᠪ ᠪᠣᠯᠭᠠᠨ ᠵᠣᠬᠢᠶᠠᠨ ᠪᠦᠳᠦᠭᠡᠳᠡᠭ ᠡᠷᠬᠢᠮ ᠲᠡᠭᠡᠳᠤ ᠭᠡᠪ ᠰᠣᠷᠳᠠᠯ᠎ᠢ ᠮᠠᠭᠳᠠᠨ ᠰᠠᠢᠱᠢᠶᠠᠵᠤ ᠦᠨᠳᠦᠷ ᠦᠨᠡᠯᠡᠨ᠂ ᠣᠷᠡᠨ ᠵᠣᠬᠢᠶᠠᠯ᠎ᠤᠨ ᠵᠣᠬᠢᠶᠠᠨ ᠪᠦᠳᠦᠭᠡᠯᠭᠡ ᠬᠢᠳᠡᠭ ᠨᠡᠢᠳᠡ ᠬᠦᠮᠦᠰ᠎ᠢᠶᠡᠨ ᠴᠠᠭ ᠦᠶ᠎ᠡ᠎ᠳᠦ ᠣᠰᠤᠯᠳᠠᠯ ᠦᠬᠡᠢ ᠵᠦᠪ ᠡᠨᠧᠷᠬᠢ᠎ᠲᠠᠢ ᠦᠭᠡᠳᠡᠷᠭᠡᠭ ᠱᠢᠨ᠎ᠡ ᠱᠢᠨ᠎ᠡ ᠪᠦᠳᠦᠭᠡᠯ ᠲᠣᠭᠤᠷᠪᠢᠬᠤ᠎ᠶᠢ ᠬᠦᠰᠡᠨ ᠰᠠᠨᠠᠭᠠᠴᠢᠯᠠᠵᠠᠢ᠃
  ᠠᠯᠳᠠᠷᠳᠤ ᠵᠤᠬᠢᠶᠠᠯᠴᠢ ᠠ᠊
·ᠤᠳᠽᠠᠷ ᠪᠤᠯ ᠤᠳᠤ ᠦᠶ᠎ᠡ᠎ᠵᠢᠨ ᠮᠤᠩᠭᠤᠯ ᠲᠤᠭᠤᠵᠢᠰ᠎ᠤᠨ ᠤᠷᠠᠨ ᠵᠤᠬᠢᠶᠠᠯ᠎ᠤᠨ ᠰᠠᠭᠤᠷᠢᠯᠠᠭᠴᠢ᠎ᠵᠢᠨ ᠨᠢᠭᠡ ᠪᠦᠭᠡᠳ ᠮᠤᠩᠭᠤᠯ ᠲᠤᠭᠤᠵᠢᠰ᠎ᠤᠨ ᠤᠷᠠᠨ ᠵᠤᠬᠢᠶᠠᠯ᠎ᠤᠨ ᠲᠠᠪᠴᠠᠩ᠎ᠳᠤ ᠦᠪᠡᠷ᠎ᠤᠨ ᠬᠡᠪ ᠨᠠᠮᠪᠠ᠎ᠪᠠᠷ᠎ᠢᠶᠠᠨ ᠨᠢᠭᠡᠨ ᠲᠡᠤᠭᠡᠨ ᠴᠠᠭ ᠦᠶ᠎ᠡ ᠵᠢ ᠨᠦᠯᠦᠭᠡᠯᠡᠭᠰᠡᠨ ᠣᠯᠤᠰ᠎ᠤᠨ ᠲᠣᠳᠤᠭᠠᠳᠤ ᠭᠠᠳᠠᠭᠠᠳᠤ᠎ᠳᠦ ᠠᠯᠳᠠᠷᠱᠢᠭᠰᠠᠨ ᠠᠪᠤᠷᠭᠤ ᠲᠠᠷᠬᠠᠨ ᠶᠣᠮ᠃ ᠣᠳᠤᠬᠠᠨ ᠪᠣᠯᠳᠠᠯ᠎ᠠ᠂ ᠠ᠊·ᠤᠳᠽᠠᠷ᠎ᠤᠨ 3 ᠷᠣᠮᠠᠨ᠂ 18 ᠲᠣᠭᠤᠵᠢ᠂ 72 ᠦᠬᠦᠯᠡᠯᠭᠡ᠂ 115 ᠨᠠᠢᠷᠠᠭᠤᠯᠤᠯ᠂ 81 ᠣᠨᠤᠯ ᠱᠢᠬᠦᠮᠵᠢ᠂ 5 ᠺᠢᠨᠣ᠋ ᠵᠦᠴᠦᠭᠡ ᠨᠡᠢᠳᠡ 300 ᠲᠦᠮᠡᠨ ᠦᠰᠦᠭ᠎ᠤᠨ 27 ᠨᠣᠮ ᠭᠡᠪᠯᠡᠭᠳᠡᠭᠡᠳ ᠪᠠᠢᠨ᠎ᠠ᠃ 2009 ᠣᠨ᠎ᠳᠤ᠂ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠡ ᠠᠷᠠᠳ᠎ᠤᠨ ᠵᠠᠰᠠᠭ᠎ᠤᠨ ᠤᠷᠲᠤᠨ ᠡᠴᠠ ᠲᠡᠬᠦᠨ᠎ᠳᠦᠤᠳᠬ᠎ᠠ ᠤᠷᠠᠯᠢᠭ᠎ᠤᠨ ᠭᠠᠷᠮᠠᠭᠠᠢ ᠵᠢᠳᠭᠦᠯᠳᠡᠨᠭᠡᠮᠡᠬᠦ ᠠᠯᠳᠠᠷ ᠴᠣᠯᠨ ᠣᠯᠭᠤᠭᠰᠠᠨ ᠪᠠᠢᠨ᠎ᠠ᠃ ᠲᠣᠰ ᠣᠳᠠᠭᠠᠨ᠎ᠤ ᠠ᠊·ᠤᠳᠽᠠᠷ᠎ᠤᠨ ᠮᠡᠨᠳᠦᠯᠡᠭᠰᠡᠨ 95 ᠵᠢᠯ᠎ᠤᠨ ᠤᠢ ᠵᠢ ᠳᠤᠷᠠᠰᠭᠠᠬᠤ ᠰᠠᠭᠤᠳᠠᠯ᠎ᠤᠨ ᠬᠤᠷᠠᠯ᠎ᠢᠠᠯᠳᠠᠨ ᠲᠦᠯᠬᠢᠬᠦᠷᠰᠡᠳᠭᠦᠯ᠎ᠤᠨ ᠨᠠᠢᠷᠠᠭᠤᠯᠬᠤ ᠬᠡᠯᠲᠡᠰ᠂ ᠪᠠᠭᠠᠷᠢᠨ ᠪᠠᠷᠠᠭᠤᠨ ᠬᠤᠱᠢᠭᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠦᠪᠯᠡᠯ᠂ ᠪᠠᠭᠠᠷᠢᠨ ᠪᠠᠷᠠᠭᠤᠨ ᠬᠤᠱᠢᠭᠤᠨ᠎ᠤ ᠠᠷᠠᠳ᠎ᠤᠨ ᠰᠤᠶᠦᠯ ᠤᠷᠠᠯᠢᠭ᠎ᠤᠨ ᠨᠦᠬᠦᠷᠯᠡᠯ᠎ᠤᠨ ᠬᠤᠯᠪᠤᠭ᠎ᠠ ᠡᠴᠠ ᠲᠠᠭᠠᠭᠠᠨ ᠬᠦᠢᠴᠡᠳᠭᠡᠵᠠᠢ᠃ (ᠬᠦᠬᠡᠳᠠᠪᠠᠯᠭᠠᠨ)

 

               ᠠᠷᠠᠳ᠎ᠤᠨ ᠰᠦᠯᠵᠢᠶᠡᠨ᠎ᠠᠴᠠ ᠱᠢᠯᠵᠢᠭᠦᠯᠦᠨ ᠨᠡᠢᠳᠡᠯᠡᠪᠡ

               ᠬᠠᠷᠢᠭᠤᠴᠠᠭᠰᠠᠨ ᠨᠠᠢᠷᠠᠭᠤᠯᠤᠭᠴᠢ᠄ ᠰᠤᠪᠤᠳ

(ᠬᠠᠷᠢᠭᠤᠴᠠᠭᠰᠠᠨ ᠨᠠᠢᠷᠠᠭᠤᠯᠤᠭᠴᠢ : ᠱᠦ᠍ ᠭᠤᠸᠠᠩ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604