ᠬᠦᠬᠡᠬᠤᠲᠠ᠎ᠶᠢᠨ ᠰᠣᠨᠢᠨ ᠮᠡᠳᠡᠭᠡᠨ᠎ᠦ ᠰᠦᠯᠵᠢᠶ᠎ᠡ᠎ᠶᠢᠨ 10 ᠰᠠᠷ᠎ᠠ᠎ᠶᠢᠨ 14᠎ᠦ ᠡᠳᠦᠷ᠎ᠦᠨ ᠮᠡᠳᠡᠭᠡ (ᠰᠤᠷᠪᠤᠯᠵᠢᠯᠠᠭᠴᠢ ᠵᠠᠩ ᠸᠧᠨ ᠵᠢᠦᠧᠠᠨ) ᠳᠤᠮᠳᠠᠳᠤ ᠤᠯᠤᠰ᠎ᠤᠨ ᠤᠳᠤ ᠦᠶ᠎ᠡ᠎ᠶᠢᠨ ᠰᠤᠷᠭᠠᠨ ᠬᠥᠮᠦᠵᠢᠯ᠎ᠢ ᠳᠤᠷᠠᠳᠭᠤ᠎ᠳᠤ ᠢᠦᠢ ᠮᠢᠨ ᠬᠣᠩ ᠯᠠᠪᠲᠠᠢ ᠨᠢᠭᠡ ᠪᠠᠢᠷᠢ᠎ᠶᠢ ᠡᠵᠡᠯᠡᠨ᠎ᠡ᠃ 10 ᠰᠠᠷ᠎ᠠ᠎ᠶᠢᠨ 13᠎ᠦ ᠡᠳᠦᠷ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠭᠣᠣᠯᠯᠠᠨ ᠡᠷᠬᠢᠯᠡᠵᠦ᠂ ᠨᠡᠢᠭᠡᠮ᠎ᠦᠨ ᠡᠯ᠎ᠡ ᠡᠲᠡᠭᠡᠳ᠎ᠦᠨ ᠬᠢᠨ ᠥᠷᠭᠡᠨ᠎ᠢᠶᠡᠷ ᠣᠷᠤᠯᠴᠠᠭᠰᠠᠨ ᠲᠡᠭᠡᠳᠦ ᠲᠡᠰ᠎ᠤᠨ ᠰᠣᠶᠤᠯ᠎ᠤᠨ ᠰᠣᠯᠢᠯᠴᠠᠭᠠᠨ᠎ᠤ ᠠᠵᠢᠯᠯᠠᠭ᠎ᠠ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》᠎ᠶᠢᠨ ᠶᠠᠷᠢᠶᠠᠨ᠎ᠤ ᠲᠠᠪᠴᠠᠩ᠎ᠤᠨ ᠭᠤᠷᠪᠠᠳᠡᠬᠢ ᠬᠤᠭᠤᠴᠠᠭ᠎ᠠ ᠬᠦᠬᠡᠬᠤᠲᠠ᠎ᠳᠤ ᠶᠠᠪᠤᠭᠳᠠᠪᠠ᠃ ᠱᠢᠨ ᠳ᠋ᠦᠩ ᠹᠠᠩ ᠨᠡᠷᠡᠮᠵᠢᠲᠦ ᠰᠤᠷᠭᠠᠨ ᠬᠥᠮᠦᠵᠢᠯ᠎ᠦᠨ ᠪᠦᠯᠦᠭᠯᠡᠯ᠂ ᠠᠩᠭᠯᠢ ᠬᠡᠯᠡᠨ᠎ᠦ ᠵᠢᠭᠠᠨ ᠰᠤᠷᠭᠠᠯᠲᠠ ᠪᠠ ᠬᠠᠮᠢᠶᠠᠷᠤᠯᠲᠠ᠎ᠶᠢᠨ ᠲᠤᠰᠭᠠᠢ ᠮᠡᠷᠭᠡᠵᠢᠯᠲᠡᠨ᠂ ᠱᠢᠨ ᠳ᠋ᠦᠩ ᠹᠠᠩ ᠨᠡᠷᠡᠮᠵᠢᠲᠦ ᠰᠤᠷᠭᠠᠨ ᠬᠥᠮᠦᠵᠢᠯ᠎ᠦᠨ ᠪᠦᠯᠦᠭᠯᠡᠯ᠎ᠦᠨ ᠬᠡᠷᠡᠭ ᠮᠡᠳᠡᠭᠴᠢᠳ᠎ᠦᠨ ᠲᠠᠷᠤᠭ᠎ᠠ᠂ ᠬᠣᠩ᠎ᠲᠠᠢ ᠰᠠᠭᠤᠷᠢ ᠮᠥᠩᠭᠦ᠎ᠶᠢᠨ ᠬᠠᠮᠲᠤᠷᠠᠭᠰᠠᠨ ᠡᠭᠦᠰᠬᠡᠨ ᠪᠠᠢᠭᠤᠯᠤᠭᠴᠢ᠂ ᠳᠤᠮᠳᠠᠳᠤ ᠤᠯᠤᠰ᠎ᠤᠨ ᠵᠠᠯᠠᠭᠤ ᠠᠵᠤ ᠠᠬᠤᠢᠯᠠᠯᠲᠠᠠᠤ ᠨᠡᠢᠭᠡᠮᠯᠢᠭ᠎ᠤᠨ ᠳᠡᠳ᠋ ᠲᠠᠷᠤᠭ᠎ᠠ᠂ ᠳᠤᠮᠳᠠᠳᠤ᠎ᠶᠢᠨ ᠪᠦᠬᠦ ᠤᠯᠤᠰ᠎ᠤᠨ ᠵᠠᠯᠠᠭᠤᠴᠤᠳ᠎ᠤᠨ ᠬᠣᠯᠪᠤᠭᠠᠲᠤ ᠬᠤᠷᠠᠯ᠎ᠤᠨ ᠭᠡᠱᠢᠭᠦᠨ ᠵᠡᠷᠭᠡ ᠣᠯᠠᠨ ᠲᠤᠱᠢᠶᠠᠯ᠎ᠲᠠᠢ ᠢᠦᠢ ᠮᠢᠨ ᠬᠣᠩ ᠥᠪᠦᠷ ᠮᠣᠩᠭᠤᠯ᠎ᠤᠨ ᠵᠠᠰᠠᠭ᠎ᠤᠨ ᠣᠷᠳᠤᠨ᠎ᠤ ᠠᠷᠠᠳ᠎ᠤᠨ ᠬᠤᠷᠠᠯ᠎ᠤᠨ ᠲᠠᠩᠬᠢᠮ᠎ᠳᠤ 《ᠰᠤᠷᠭᠠᠨ ᠬᠥᠮᠦᠵᠢᠯ᠎ᠦᠨ ᠬᠠᠢᠷ᠎ᠠ ᠰᠡᠳᠬᠢᠯᠭᠡ ᠪᠠ ᠬᠤᠪᠢ ᠬᠥᠮᠦᠨ᠎ᠦ ᠦᠰᠦᠨ ᠪᠣᠢᠵᠢᠯᠲᠠ》 ᠭᠡᠬᠦ ᠲᠤᠰᠭᠠᠢ ᠰᠡᠳᠦᠪᠲᠦ ᠲᠠᠢᠯᠤᠮᠵᠢ ᠬᠢᠪᠡ᠃
4 ᠰᠠᠷ᠎ᠠ᠎ᠶᠢᠨ 30᠎ᠦ ᠡᠳᠦᠷ᠂ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠭᠡᠬᠦ ᠶᠠᠷᠢᠶᠠᠨ᠎ᠤ ᠲᠠᠪᠴᠠᠩ᠎ᠤᠨ ᠠᠩᠬᠠᠨ᠎ᠤ ᠲᠠᠯᠠᠪᠤᠷ ᠲᠠᠢᠯᠤᠮᠵᠢ᠎ᠶᠢ ᠤᠤᠯ᠎ᠤᠨ ᠭᠠᠳᠠᠭᠠᠳᠤ ᠠᠵᠤ ᠠᠬᠤᠢ ᠠᠷᠠᠯᠵᠢᠶᠠᠨ᠎ᠤ ᠶᠠᠮᠤᠨ᠎ᠤ ᠳᠡᠳ᠋ ᠰᠠᠢᠳ᠂ ᠳᠤᠮᠳᠠᠳᠤ ᠤᠯᠤᠰ᠎ᠤᠨ ᠲᠡᠯᠡᠬᠡᠢ᠎ᠶᠢᠨ ᠠᠷᠠᠯᠵᠢᠶᠠᠨ᠎ᠤ ᠵᠣᠬᠢᠶᠠᠨ ᠪᠠᠢᠭᠤᠯᠤᠯᠲᠠ᠎ᠳᠤ ᠣᠷᠤᠯᠴᠠᠬᠤ ᠬᠡᠯᠡᠯᠴᠡᠭᠡᠷ᠎ᠤᠨ ᠲᠡᠷᠢᠭᠦᠨ᠎ᠤ ᠲᠤᠰᠭᠠᠢ ᠮᠡᠷᠭᠡᠵᠢᠯᠲᠡᠨ᠂ ᠤᠤᠯ᠎ᠤᠨ ᠠᠽᠢᠶ᠎ᠠ ᠲᠢᠪ᠎ᠤᠨ ᠶᠠᠷᠢᠶᠠᠨ᠎ᠤ ᠲᠠᠪᠴᠠᠩ᠎ᠤᠨ ᠬᠡᠷᠡᠭ ᠡᠷᠬᠢᠯᠡᠭᠴᠢ᠂ ᠨᠠᠷᠢᠨ ᠪᠢᠴᠢᠭ᠎ᠦᠨ ᠲᠠᠷᠤᠭ᠎ᠠ ᠯᠦᠩ ᠶᠦᠩ᠎ᠲᠦ 《ᠣᠳᠤᠬᠠᠨ᠎ᠤ ᠠᠵᠤ ᠠᠬᠤᠢ᠎ᠶᠢᠨ ᠪᠠᠢᠳᠠᠯ ᠬᠢᠭᠡᠳ ᠮᠠᠨ᠎ᠤ ᠤᠯᠤᠰ᠎ᠤᠨ ᠭᠠᠳᠠᠭᠠᠳᠤ ᠨᠡᠭᠡᠭᠡᠯᠲᠡ》 ᠭᠡᠬᠦ ᠰᠡᠳᠦᠪ᠎ᠢᠶᠡᠷ ᠭᠣᠣᠯ ᠰᠡᠳᠦᠪᠲᠦ ᠲᠠᠢᠯᠤᠮᠵᠢ ᠬᠢᠵᠡᠢ᠃ 7 ᠰᠠᠷ᠎ᠠ᠎ᠶᠢᠨ 13᠎ᠦ ᠡᠳᠦᠷ᠂ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ᠎ᠤᠨ ᠬᠣᠶᠠᠳᠠᠭᠢ ᠬᠤᠭᠤᠴᠠᠭᠠᠨ᠎ᠳᠤ ᠬᠠᠭᠠᠨ᠎ᠤ ᠣᠷᠳᠤᠨ ᠮᠦᠽᠧᠢ᠎ᠶᠢᠨ ᠤᠤᠯ᠎ᠤᠨ ᠮᠦᠽᠧᠢ᠎ᠶᠢᠨ ᠲᠠᠷᠤᠭ᠎ᠠ᠂ ᠬᠠᠭᠠᠨ᠎ᠤ ᠣᠷᠳᠤᠨ ᠲᠡᠭᠡᠳᠦ ᠰᠤᠷᠭᠠᠭᠤᠯᠢ᠎ᠶᠢᠨ ᠵᠠᠬᠢᠷᠤᠯ ᠱᠠᠨ ᠵᠢᠢ ᠱᠢᠶᠠᠩ ᠲᠤᠬᠠᠢ᠎ᠶᠢᠨ ᠲᠠᠯᠠᠪᠠᠢ᠎ᠶᠢᠨ ᠦᠵᠡᠭᠴᠢᠳᠲᠡᠢ 《ᠤᠷᠠᠨ ᠲᠠᠷᠬᠠᠨ᠎ᠤ ᠡᠨᠡᠷᠢᠩᠭᠦᠢ ᠰᠡᠳᠬᠢᠯ —— ᠰᠣᠶᠤᠯ᠎ᠤᠨ ᠥᠪ ᠬᠥᠷᠦᠩᠭᠡ᠎ᠶᠢᠨ ᠡᠬᠢ ᠪᠠᠶᠠᠯᠢᠭ᠎ᠢ ᠠᠮᠢᠯᠠᠭᠤᠯᠤᠶ᠎ᠠ》 ᠭᠡᠬᠦ ᠭᠣᠣᠯ ᠰᠡᠳᠦᠪᠲᠦ ᠶᠠᠷᠢᠶ᠎ᠠ᠎ᠶᠢ ᠬᠤᠪᠢᠶᠠᠯᠴᠠᠭᠰᠠᠨᠤ ᠲᠠᠷᠠᠭ᠎ᠠ᠂ 10 ᠰᠠᠷ᠎ᠠ᠎ᠶᠢᠨ 13᠎ᠦ ᠡᠳᠦᠷ᠂ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ᠎ᠤᠨ ᠤᠷᠢᠭᠰᠠᠨ ᠭᠤᠷᠪᠠᠳᠤᠭᠠᠷᠨᠡᠷᠡ ᠬᠦᠨᠳᠦᠲᠦ ᠲᠤᠰᠭᠠᠢ ᠮᠡᠷᠭᠡᠵᠢᠯᠲᠡᠨ ᠢᠦᠢ ᠮᠢᠨ ᠬᠣᠩ ᠬᠦᠬᠡᠬᠤᠲᠠ᠎ᠶᠢᠨ ᠠᠷᠠᠳ ᠣᠯᠠᠨ᠎ᠲᠠᠢ ᠰᠤᠷᠭᠠᠨ ᠬᠥᠮᠦᠵᠢᠯ᠎ᠦᠨ ᠣᠯᠤᠯᠲᠠ᠎ᠪᠠᠨ ᠬᠤᠪᠢᠶᠠᠯᠴᠠᠪᠠ᠃
ᠲᠦᠷᠦᠭᠦᠦ ᠬᠣᠶᠠᠷ ᠬᠤᠭᠤᠴᠠᠭᠠᠨ᠎ᠤ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ᠎ᠯᠤᠭ᠎ᠠ ᠠᠳᠠᠯᠢ᠎ᠪᠠᠷ ᠲᠤᠬᠠᠢ᠎ᠶᠢᠨ ᠲᠠᠯᠠᠪᠠᠢ᠎ᠳᠤ ᠰᠤᠯᠠ ᠰᠠᠭᠤᠳᠠᠯ ᠥᠬᠡᠢ ᠪᠣᠯᠲᠠᠯ᠎ᠠ ᠦᠵᠡᠭᠴᠢᠳ ᠬᠤᠷᠠᠨ ᠴᠤᠭᠯᠠᠷᠠᠵᠤ᠂ ᠲᠠᠯᠠᠪᠤᠷ᠎ᠤᠨ ᠭᠠᠳᠠᠨᠠᠬᠢ ᠦᠷ᠎ᠡ ᠪᠦᠲᠦᠮᠵᠢ ᠰᠠᠢᠲᠠᠢ ᠵᠠᠭᠤᠴᠢᠯᠠᠭᠤᠷ᠎ᠤᠨ ᠣᠯᠠᠨ ᠡᠱᠢᠴᠢᠯᠡᠭᠰᠡᠨ ᠪᠣᠰᠤᠭ᠎ᠠ ᠴᠣᠭᠴᠠᠲᠤ ᠲᠠᠮᠵᠢᠭᠤᠯᠭ᠎ᠠ᠎ᠶᠢᠨ ᠨᠥᠯᠦᠭᠡ᠎ᠪᠡᠷ ᠢᠦᠢ ᠮᠢᠨ ᠬᠣᠩ ᠲᠤᠬᠠᠢ᠎ᠶᠢᠨ ᠲᠠᠯᠠᠪᠠᠢ᠎ᠳᠤ ᠶᠠᠷᠢᠶ᠎ᠠ ᠢᠯᠡᠳᠬᠡᠯ ᠬᠢᠬᠦ᠎ᠶᠢᠨ ᠬᠠᠮᠲᠤ ᠦᠵᠡᠭᠴᠢᠳᠲᠡᠢ ᠭᠦᠨᠵᠡᠭᠡᠢ ᠰᠣᠯᠢᠯᠴᠠᠭ᠎ᠠ ᠬᠢᠵᠦ 《ᠦᠵᠡᠰᠬᠦᠯᠡᠩᠲᠦ ᠰᠠᠢᠬᠠᠨ ᠤᠮᠠᠷᠠᠲᠤ ᠬᠢᠯᠢ》 ᠶᠠᠷᠢᠶᠠᠨ᠎ᠤ ᠲᠠᠪᠴᠠᠩ᠎ᠨᠢ ᠦᠵᠡᠯ ᠰᠠᠨᠠᠭᠠᠨ᠎ᠤ ᠵᠢᠯᠤᠭᠤᠳᠤᠯᠭ᠎ᠠ ᠪᠠ ᠦᠢᠯᠡᠳᠦᠯᠭᠡ᠎ᠶᠢᠨ ᠱᠢᠨ᠎ᠡ᠎ᠶᠢ ᠡᠭᠦᠳᠦᠭᠰᠡᠨ ᠦᠷ᠎ᠡ ᠪᠦᠲᠦᠭᠡᠯ᠎ᠢ ᠳᠣᠪᠤᠢᠯᠭᠠᠨ ᠦᠷᠭᠦᠯᠵᠢᠯᠡᠭᠦᠯᠦᠭᠰᠡᠨ᠎ᠢᠶᠡᠷ ᠰᠣᠨᠤᠰᠤᠭᠴᠢᠳ ᠮᠠᠱᠢ ᠶᠡᠬᠡ ᠣᠯᠤᠯᠲᠠ᠎ᠲᠠᠢ ᠭᠡᠵᠦ ᠢᠯᠡᠳᠬᠡᠵᠡᠭᠡᠪᠡ᠃
2009 ᠣᠨ᠎ᠤ CCTV ᠠᠵᠤ ᠠᠬᠤᠢ᠎ᠶᠢᠨ ᠰᠣᠳᠤᠨ ᠬᠥᠮᠦᠰ᠎ᠦᠨ ᠱᠠᠩᠨᠠᠯ ᠣᠯᠭᠤᠬᠤ ᠶᠠᠷᠢᠶᠠᠨ᠎ᠳᠤ ᠢᠦᠢ ᠮᠢᠨ ᠬᠤᠩ᠎ᠢ 《ᠨᠢᠭᠡᠨ ᠠᠩᠭᠢ ᠤᠬᠤᠷᠢᠭᠰᠠᠨ ᠰᠤᠷᠤᠭᠴᠢ ᠲᠣᠭ᠎ᠠ ᠲᠣᠮᠱᠢ ᠥᠬᠡᠢ ᠰᠤᠷᠤᠭᠴᠢᠳ᠎ᠤᠨ ᠨᠢᠭᠡ ᠨᠠᠰᠤ᠎ᠶᠢ ᠭᠡᠭᠡᠷᠡᠭᠦᠯᠪᠡ᠃ ᠲᠡᠷᠡ ᠶᠡᠷᠦ᠎ᠡᠴᠡ ᠭᠠᠳᠠᠭᠠᠳᠤ᠎ᠳᠤ ᠰᠤᠷᠤᠯᠴᠠᠵᠤ ᠥᠩᠭᠡᠷᠡᠭᠡ᠎ᠦᠭᠡᠢ ᠬᠠᠷᠢᠨ ᠨᠢᠭᠡᠨ ᠰᠠᠯᠠᠭ᠎ᠠ ᠤᠯᠤᠰ ᠠᠯᠤᠰᠯᠠᠭᠰᠠᠨ ᠬᠥᠯᠭᠡ ᠣᠩᠭᠤᠴᠠᠨ ᠠᠩᠭᠢ ᠪᠠᠢᠭᠤᠯᠵᠠᠢ᠃ ᠲᠡᠭᠦᠨ᠎ᠦ ᠶᠠᠷᠢᠶ᠎ᠠ ᠢᠯᠡᠳᠬᠡᠯ᠎ᠨᠢ 26 ᠴᠠᠭᠠᠨ ᠲᠣᠯᠤᠭᠠᠢ᠎ᠪᠠᠷ ᠦᠷᠦᠨ᠎ᠡ ᠳᠣᠷᠤᠨ᠎ᠠ᠎ᠶᠢ ᠬᠣᠯᠪᠤᠪᠠ᠃ ᠲᠡᠷᠡ ᠴᠡᠭᠡᠵᠢᠨ᠎ᠳᠦ᠎ᠪᠡᠨ ᠲᠡᠯᠡᠬᠡᠢ᠎ᠶᠢ ᠪᠠᠭᠲᠠᠭᠠᠵᠤ ᠳᠣᠷᠤᠨ᠎ᠠ ᠵᠦᠭ ᠵᠣᠷᠢᠭᠯᠠᠮᠤᠢ》 ᠬᠡᠮᠡᠨ ᠵᠦᠢᠷᠯᠡᠪᠡ᠃ ᠢᠦᠢ ᠮᠢᠨ ᠬᠣᠩ᠎ᠤᠨ ᠭᠠᠢᠬᠠᠮᠱᠢᠭ᠎ᠲᠤ ᠥᠩᠭᠡᠷᠡᠯᠲᠡ᠎ᠶᠢᠨ ᠲᠤᠬᠠᠢ ᠡᠭᠦᠨ᠎ᠡᠴᠡ ᠡᠮᠦᠨ᠎ᠡ ᠪᠠᠰᠠ ᠴᠥᠭᠡᠨ ᠪᠤᠰᠤ ᠵᠠᠭᠤᠴᠢᠯᠠᠭᠤᠷ᠎ᠤᠨ ᠬᠢᠨ ᠮᠡᠳᠡᠭᠡᠯᠡᠵᠦ ᠥᠩᠭᠡᠷᠡᠵᠡᠢ᠄ ᠢᠦᠢ ᠮᠢᠨ ᠬᠣᠩ 1978 ᠣᠨ᠎ᠳᠤ ᠲᠡᠭᠡᠳᠦ ᠰᠤᠷᠭᠠᠭᠤᠯᠢ᠎ᠶᠢᠨ ᠱᠢᠯᠭᠠᠯᠲᠠ᠎ᠳᠤ ᠭᠣᠭᠤᠵᠢᠭᠳᠠᠵᠤ ᠠᠩᠭᠯᠢ ᠬᠡᠯᠡᠨ᠎ᠦ ᠬᠢᠷᠢ ᠪᠦᠲᠦᠮᠵᠢ᠎ᠨᠢ ᠵᠥᠪᠬᠡᠨ 33 ᠬᠤᠪᠢ ᠪᠠᠢᠯ᠎ᠠ᠃ 1979 ᠣᠨ᠎ᠳᠤ ᠬᠣᠶᠠᠳᠠᠬᠢ ᠤᠳᠠᠭ᠎ᠠ ᠲᠡᠭᠡᠳᠦ ᠰᠤᠷᠭᠠᠭᠤᠯᠢ᠎ᠶᠢᠨ ᠱᠢᠯᠭᠠᠯᠲᠠ᠎ᠳᠤ ᠣᠷᠤᠯᠴᠠᠭᠠᠳ ᠲᠠᠬᠢᠨᠲᠠ ᠭᠣᠭᠤᠵᠢᠭᠳᠠᠪᠠ᠂ ᠡᠨᠡ ᠤᠳᠠᠭᠠᠨ᠎ᠤ ᠠᠩᠭᠯᠢ ᠬᠡᠯᠡᠨ᠎ᠦ ᠱᠢᠯᠭᠠᠯᠲᠠ᠎ᠳᠤ 55 ᠬᠤᠪᠢ ᠣᠯᠵᠠᠢ᠃ ᠬᠣᠶᠠᠷ ᠤᠳᠠᠭ᠎ᠠ ᠭᠣᠭᠤᠵᠢᠭᠳᠠᠭᠰᠠᠨ ᠪᠣᠯᠪᠠᠴᠤ ᠢᠦᠢ ᠮᠢᠨ ᠬᠣᠩ ᠵᠣᠷᠢᠭ ᠮᠣᠬᠤᠯᠦᠭᠡᠢᠪᠡᠷ ᠱᠢᠮᠳᠠᠵᠤ 1980 ᠣᠨ᠎ᠳᠤ ᠪᠡᠭᠡᠵᠢᠩ ᠶᠡᠬᠡ ᠰᠤᠷᠭᠠᠭᠤᠯᠢ᠎ᠶᠢᠨ ᠦᠷᠦᠨᠡᠳᠠᠬᠢᠨ᠎ᠤ ᠬᠡᠯᠡᠨ᠎ᠦ ᠰᠠᠯᠪᠤᠷᠢ᠎ᠳᠤ ᠤᠷᠤᠭᠱᠢᠲᠠᠢ ᠱᠢᠯᠭᠠᠭᠤᠯᠤᠨ ᠣᠷᠤᠪᠠ᠂ ᠡᠨᠡ ᠤᠳᠠᠭᠠᠨ᠎ᠤ ᠲᠡᠭᠡᠳᠦ ᠰᠤᠷᠭᠠᠭᠤᠯᠢ᠎ᠶᠢᠨ ᠱᠢᠯᠭᠠᠯᠲᠠ᠎ᠶᠢᠨ ᠠᠩᠭᠯᠢ ᠬᠡᠯᠡᠨ᠎ᠦ ᠬᠢᠷᠢ ᠪᠦᠲᠦᠮᠵᠢ᠎ᠨᠢ 93 ᠬᠤᠪᠢ ᠪᠣᠯᠤᠨ᠎ᠠ᠃
1993 ᠣᠨ᠎ᠤ 11 ᠰᠠᠷ᠎ᠠ᠎ᠳᠤ᠂ ᠨᠢᠭᠡᠨᠲᠡ ᠰᠤᠷᠭᠠᠭᠤᠯᠢ᠎ᠳᠤ᠎ᠪᠠᠨ ᠦᠯᠡᠳᠡᠵᠦ ᠠᠵᠢᠯᠯᠠᠭᠰᠠᠨ ᠢᠦᠢ ᠮᠢᠨ ᠬᠣᠩ ᠪᠠᠭᠱᠢ᠎ᠶᠢᠨ ᠠᠵᠢᠯ᠎ᠢᠶᠠᠨ ᠬᠠᠶᠠᠵᠤ ᠬᠤᠳᠠᠯᠳᠤᠭ᠎ᠠ ᠡᠷᠬᠢᠯᠡᠨ ᠱᠢᠨ ᠳ᠋ᠦᠩ ᠹᠠᠩ ᠨᠡᠷᠡᠮᠵᠢᠲᠦ ᠰᠤᠷᠭᠠᠭᠤᠯᠢ᠎ᠶᠢ ᠡᠭᠦᠳᠦᠨ ᠪᠠᠢᠭᠤᠯᠵᠤ᠂ 34 ᠬᠣᠲᠠ᠎ᠳᠤ ᠠᠩᠭᠯᠢ ᠬᠡᠯᠡᠨ᠎ᠦ ᠰᠤᠷᠭᠠᠭᠤᠯᠢ ᠪᠠ ᠪᠤᠰᠤᠳ ᠰᠤᠷᠤᠯᠴᠠᠬᠤ ᠲᠥᠪ᠎ᠢ ᠪᠠᠢᠭᠤᠯᠵᠠᠢ᠃ ᠢᠦᠢ ᠮᠢᠨ ᠬᠣᠩ ᠱᠢᠨ ᠳ᠋ᠦᠩ ᠹᠠᠩᠢ ᠡᠭᠦᠳᠦᠨ ᠪᠠᠢᠭᠤᠯᠤᠭᠰᠠᠨ᠎ᠨᠢ ᠲᠡᠷᠡ ᠠᠮᠧᠷᠢᠺᠠ᠎ᠶᠢᠨ ᠶᠡᠬᠡ ᠰᠤᠷᠭᠠᠭᠤᠯᠢ᠎ᠶᠢᠨ ᠰᠤᠷᠤᠯᠭ᠎ᠠ᠎ᠶᠢᠨ ᠱᠠᠩᠨᠠᠯ᠎ᠤᠨ ᠮᠥᠩᠭᠦ᠎ᠶᠢ ᠣᠯᠵᠤ ᠲᠡᠢᠯᠦᠭᠰᠡᠨᠦᠭᠡᠢᠡᠴᠡ ᠪᠣᠯᠤᠭᠰᠠᠨ᠎ᠶᠤᠮ᠃ ᠬᠦᠷᠦᠯᠴᠡᠬᠦᠢᠴᠡ ᠵᠣᠭᠤᠰ ᠴᠤᠭᠯᠠᠭᠤᠯᠵᠤ ᠥᠪᠡᠷ᠎ᠢ᠎ᠪᠡᠨ ᠠᠮᠧᠷᠢᠺᠠ᠎ᠳᠤ ᠰᠤᠷᠤᠯᠴᠠᠭᠤᠯᠬᠤ᠎ᠶᠢᠨ ᠲᠥᠯᠦᠭᠡ᠂ ᠢᠦᠢ ᠮᠢᠨ ᠬᠣᠩ ᠠᠵᠢᠯ᠎ᠤᠨ ᠴᠢᠯᠦᠭᠡᠨ᠎ᠦ ᠬᠡᠯᠡᠨ᠎ᠦ ᠭᠡᠷ᠎ᠦᠨ ᠪᠠᠭᠱᠢ ᠪᠣᠯᠬᠤ᠎ᠶᠢᠨ ᠬᠠᠮᠲᠤ ᠪᠠᠰᠠ ᠪᠡᠭᠡᠵᠢᠩ ᠶᠡᠬᠡ ᠰᠤᠷᠭᠠᠭᠤᠯᠢ᠎ᠳᠤ ᠠᠩᠭᠯᠢ ᠬᠡᠯᠡ ᠵᠢᠭᠠᠵᠤ ᠪᠠᠢᠪᠠ᠃ ᠲᠡᠷᠡ 5 ᠵᠢᠯ ᠭᠠᠷᠤᠢ ᠴᠠᠭ ᠵᠠᠷᠤᠴᠠᠭᠤᠯᠤᠮᠠᠨᠵᠢᠨ ᠰᠠᠶᠢ ᠠᠮᠧᠷᠢᠺᠠ᠎ᠳᠤ ᠣᠴᠢᠬᠤ ᠰᠤᠷᠤᠯᠭ᠎ᠠ᠎ᠶᠢᠨ ᠰᠦᠢᠳᠭᠡᠯ᠎ᠢ ᠴᠤᠭᠯᠠᠭᠤᠯᠵᠤ ᠴᠢᠳᠠᠨ᠎ᠠ ᠭᠡᠳᠡᠭ᠎ᠢ ᠲᠠᠨᠢᠵᠤ ᠣᠯᠤᠭᠠᠳ ᠡᠴᠦᠰ᠎ᠲᠦ᠎ᠪᠡᠨ ᠡᠨᠡᠬᠦ ᠬᠣᠶᠠᠷ ᠡᠭᠡᠯᠵᠢ᠎ᠪᠡᠷ ᠠᠵᠢᠯᠯᠠᠬᠤ ᠠᠷᠭ᠎ᠠ ᠮᠠᠶᠢᠭ᠎ᠢ ᠲᠠᠶᠠᠭᠳᠠᠵᠠᠢ᠃
ᠱᠢᠨ ᠳ᠋ᠦᠩ ᠹᠠᠩ ᠨᠡᠷᠡᠮᠵᠢᠲᠦ ᠰᠤᠷᠭᠠᠭᠤᠯᠢ᠎ᠶᠢ ᠡᠭᠦᠳᠦᠨ ᠪᠠᠢᠭᠤᠯᠤᠭᠰᠠᠨ᠎ᠠᠴᠠ ᠢᠦᠢ ᠮᠢᠨ ᠬᠣᠩ ᠡᠴᠦᠰ᠎ᠲᠦ᠎ᠪᠡᠨ ᠠᠮᠧᠷᠢᠺᠠ᠎ᠳᠤ ᠬᠦᠷᠴᠦ ᠣᠴᠢᠵᠠᠢ᠂ ᠭᠡᠪᠡᠴᠦ ᠲᠡᠭᠦᠨ᠎ᠦ ᠵᠣᠷᠢᠭᠰᠠᠨ ᠭᠠᠵᠠᠷ᠎ᠨᠢ ᠨᠢᠦ᠋ ᠶᠣᠷᠺ᠎ᠤᠨ ᠦᠨᠡᠲᠦ ᠲᠡᠮᠳᠡᠭᠲᠦ᠎ᠶᠢᠨ ᠠᠷᠠᠯᠵᠢᠶᠠᠨ᠎ᠤ ᠭᠠᠵᠠᠷ ᠪᠣᠯᠬᠤ᠎ᠠᠴᠠ ᠪᠢᠱᠢ᠂ ᠬᠠᠷᠢᠨ ᠶᠡᠬᠡ ᠰᠤᠷᠭᠠᠭᠤᠯᠢ ᠪᠢᠱᠢ᠎ᠶᠤᠮ᠂ 2006 ᠣᠨ᠎ᠳᠤ ᠱᠢᠨ ᠳ᠋ᠦᠩ ᠹᠠᠩ ᠨᠢᠦ᠋ ᠶᠣᠷᠺ᠎ᠤᠨ ᠦᠨᠡᠲᠦ ᠲᠡᠮᠳᠡᠭᠲᠦ᠎ᠶᠢᠨ ᠠᠷᠠᠯᠵᠢᠶᠠᠨ᠎ᠤ ᠭᠠᠵᠠᠷ᠎ᠲᠤ ᠵᠢᠩᠬᠢᠨᠢ᠎ᠪᠡᠷ ᠫᠠᠢᠰᠠ ᠡᠯᠭᠦᠨ ᠵᠠᠬ᠎ᠠ ᠲᠡᠯᠭᠡᠭᠦᠷ᠎ᠲᠦ ᠭᠠᠷᠪᠠ᠃ 2013 ᠣᠨ᠎ᠤ 5 ᠰᠠᠷ᠎ᠠ᠎ᠶᠢᠨ 17᠎ᠦ ᠡᠳᠦᠷ ᠴᠧᠨ ᠺᠧ ᠱᠢᠨ᠎ᠦ ᠤᠳᠤᠷᠢᠳᠤᠭᠰᠠᠨ 《ᠳᠤᠮᠳᠠᠳᠤ ᠤᠯᠤᠰ᠎ᠤᠨ ᠬᠣᠷᠱᠢᠭᠴᠢ》 ᠭᠡᠬᠦ ᠺᠢᠨᠤ᠋᠎ᠨᠢ ᠱᠢᠨ ᠳ᠋ᠦᠩ ᠹᠠᠩ᠎ᠤᠨ ᠠᠳᠠᠯ ᠦᠢᠯᠡᠰ ᠴᠣᠭᠴᠠᠯᠠᠭᠰᠠᠨ ᠦᠯᠢᠭᠡᠷ᠎ᠢᠶᠡᠷ ᠭᠣᠣᠯ ᠱᠢᠵᠢᠮ ᠪᠣᠯᠭᠠᠵᠤ᠂ ᠢᠦᠢ ᠮᠢᠨ ᠬᠣᠩ ᠪᠣᠯᠤᠨ ᠱᠢᠤᠢ ᠱᠢᠶᠤᠣ ᠫᠢᠩ᠂ ᠸᠠᠩ ᠴᠢᠶᠠᠩ ᠭᠤᠷᠪᠠᠭᠤᠯᠠ᠎ᠶᠢᠨ ᠱᠢᠨ ᠳ᠋ᠦᠩ ᠹᠠᠩ᠎ᠳᠤ ᠬᠠᠮᠲᠤ᠎ᠪᠠᠷ ᠲᠡᠮᠡᠴᠡᠭᠰᠡᠨ ᠥᠩᠭᠡᠷᠡᠯᠲᠡ ᠪᠠ ᠠᠬ᠎ᠠ ᠲᠡᠭᠦᠦ᠎ᠶᠢᠨ ᠨᠠᠢᠷᠰᠠᠭ ᠨᠥᠬᠦᠷᠯᠡᠯ᠎ᠢᠶᠠᠷ ᠡᠬᠡ ᠲᠡᠪᠲᠡᠷ ᠪᠣᠯᠭᠠᠨ ᠵᠣᠬᠢᠶᠠᠨ ᠪᠦᠲᠦᠭᠡᠭᠰᠡᠨᠶᠤᠮ᠂ ᠺᠢᠨᠤ᠋᠎ᠳᠠᠬᠢ ᠴᠧᠩ ᠳ᠋ᠦᠩ ᠴᠢᠩ᠎ᠦᠨ ᠳᠦᠷᠢ᠎ᠨᠢ ᠲᠠᠷᠤᠢ ᠢᠦᠢ ᠮᠢᠨ ᠬᠣᠩ᠎ᠢᠶᠠᠷ ᠰᠠᠭᠤᠷᠢᠯᠠᠵᠤ ᠤᠷᠠᠯᠢᠭᠵᠢᠭᠤᠯᠤᠭᠰᠠᠨ ᠳᠦᠷᠢ ᠪᠣᠯᠤᠨ᠎ᠠ᠃
ᠬᠥᠬᠡᠬᠤᠲᠠ᠎ᠶᠢᠨ ᠰᠣᠨᠢᠨ ᠮᠡᠳᠡᠭᠡᠨ᠎ᠦ ᠰᠦᠯᠵᠢᠶᠡᠨ᠎ᠡᠴᠡ ᠱᠢᠯᠵᠢᠭᠦᠯᠦᠨ ᠨᠡᠢᠲᠡᠯᠡᠪᠡ