ᠴᠠᠭᠠᠨ ᠴᠠᠮᠴᠠ ᠨᠢᠦ᠋ᠽᠠᠢ ᠥᠮᠦᠳᠦ᠎ᠲᠠᠢ ᠲᠠᠮᠢᠷᠴᠢᠨ᠎ᠤ ᠱᠠᠬᠠᠢ ᠡᠮᠦᠰᠦᠭᠰᠡᠨ ᠱᠢᠨ ᠳ᠋ᠦᠩ ᠹᠠᠩ ᠨᠡᠷᠡᠮᠵᠢᠲᠦ ᠰᠤᠷᠭᠠᠨ ᠬᠦᠮᠦᠵᠢᠯ᠎ᠦᠨ ᠪᠥᠯᠦᠭᠯᠡᠯ᠎ᠦᠨ ᠡᠭᠦᠰᠭᠡᠨ ᠪᠠᠢᠭᠤᠯᠤᠭᠴᠢ ᠢᠦᠢ ᠮᠢᠨ ᠬᠤᠩ ᠮᠢᠺᠷᠤᠹᠤᠨ ᠠᠳᠭᠤᠭᠠᠳ ᠠᠪᠤᠪᠠᠯ ᠭᠤᠷᠪᠠᠨ ᠴᠠᠭ ᠵᠢᠨᠷ ᠵᠣᠭᠰᠤᠳᠠᠭ ᠪᠠᠢᠨ᠎ᠠ᠃
13 ᠤ ᠡᠳᠦᠷ᠂ ᠢᠦᠢ ᠮᠢᠨ ᠬᠤᠨᠭ ᠥᠪᠦᠷ ᠮᠣᠩᠭᠤᠯ᠎ᠤᠨ 《ᠦᠵᠡᠰᠭᠦᠯᠡᠩᠲᠦ ᠰᠠᠢᠬᠠᠨ ᠤᠮᠠᠷᠠᠲᠦ ᠬᠢᠯᠢ》 ᠶᠠᠨᠷᠢᠶᠠᠨᠤ ᠲᠠᠪᠴᠠᠩ ᠳᠡᠭᠡᠷ᠎ᠡ 《ᠰᠤᠷᠭᠠᠨ ᠬᠦᠮᠦᠵᠢᠯ᠎ᠦᠨ ᠬᠠᠢᠷ᠎ᠠ ᠰᠡᠳᠭᠢᠯᠭᠡ ᠪᠠ ᠬᠤᠪᠢ ᠬᠦᠮᠦᠨ᠎ᠦ ᠦᠰᠦᠨ ᠪᠣᠢᠵᠢᠯᠲᠠ》 ᠭᠡᠬᠦ ᠲᠤᠰᠭᠠᠢ ᠰᠡᠳᠦᠪᠲᠦ ᠶᠠᠷᠢᠶ᠎ᠠ ᠲᠠᠯᠪᠢᠵᠠᠢ᠂ ᠡᠭᠦᠨ᠎ᠦ ᠳᠣᠲᠤᠷ᠎ᠠ ᠨᠣᠮ ᠤᠩᠱᠢᠬᠤ᠎ᠶᠢ ᠬᠠᠮᠤᠭ᠎ᠤᠨ ᠢᠯᠡᠭᠦᠦ ᠳᠤᠷᠠᠳᠤᠭᠰᠠᠨ ᠪᠠᠢᠨ᠎ᠠ᠃
《ᠪᠢ ᠵᠢᠯ ᠪᠦᠷᠢ 200 ᠭᠠᠷᠤᠢ ᠳᠡᠪᠲᠡᠷ ᠨᠣᠮ ᠰᠡᠬᠦᠳᠡᠭ᠂ ᠨᠥᠭᠦᠭᠡ ᠨᠢᠭᠡ ᠳᠤᠷ᠎ᠠ ᠪᠠᠬ᠎ᠠ ᠪᠤᠯ ᠵᠢᠭᠤᠯᠴᠢᠯᠠᠯ ᠪᠣᠯᠤᠨ᠎ᠠ᠂ ᠣᠷᠴᠢᠮᠬᠠᠨ ᠨᠢᠭᠡ ᠵᠢᠭᠤᠯᠴᠢᠯᠠᠯ᠎ᠤᠨ ᠲᠡᠮᠳᠡᠭᠯᠡᠯ ᠬᠡᠪᠯᠡᠭᠦᠯᠦᠨ᠎ᠡ》 ᠭᠡᠵᠡᠢ᠂ ᠢᠦᠢ ᠮᠢᠨ ᠬᠤᠨᠭ᠎ᠤᠨ ᠵᠢᠯ ᠪᠦᠷᠢ᠎ᠵᠢᠨ 《ᠤᠩᠱᠢᠬᠤ ᠬᠡᠮᠵᠢᠶ᠎ᠡ》᠎ᠨᠢ ᠲᠠᠯᠠᠪᠤᠷ᠎ᠲᠠᠬᠢ ᠦᠵᠡᠭᠴᠢᠳ᠎ᠢ ᠭᠠᠢᠬᠠᠱᠢ ᠠᠯᠳᠠᠭᠤᠯᠤᠭᠰᠠᠨ ᠪᠠᠢᠨ᠎ᠠ᠃
《ᠲᠡᠷᠡ᠎ᠴᠢᠨᠢ ᠴᠣᠬᠤᠮ ᠬᠠᠮᠤᠭ᠎ᠤᠨ ᠶᠠᠭᠠᠷᠠᠤ ᠬᠦᠮᠦᠨ ᠱᠢᠦᠳᠡ᠂ ᠶᠠᠮᠠᠷ ᠴᠢᠯᠦᠭᠡᠪᠡᠷᠢᠶᠡᠨ ᠲᠡᠢᠮᠦ ᠠᠷᠪᠢᠨ ᠨᠣᠮ ᠤᠩᠱᠢᠳᠠᠭᠶᠤᠮ ᠪᠣᠯ ᠡ》 ᠭᠡᠵᠦ ᠵᠠᠷᠢᠮ ᠦᠵᠡᠭᠴᠢᠳ ᠰᠤᠷᠪᠤᠯᠵᠢᠯᠠᠭᠴᠢ᠎ᠳᠤ ᠶᠠᠷᠢᠵᠤ ᠪᠠᠢᠯ᠎ᠠ᠃
ᠦᠵᠡᠭᠴᠢᠳ᠎ᠦᠨ ᠰᠡᠵᠢᠭᠯᠡᠯ᠎ᠢ ᠠᠯᠳᠠᠷᠠᠭᠠᠬᠤ ᠭᠡᠰᠡᠨ ᠱᠢᠭ ᠢᠦᠢ ᠮᠢᠨ ᠬᠤᠩ ᠲᠤᠰ ᠡᠳᠦᠷ᠎ᠦᠨ ᠶᠠᠷᠢᠶᠠᠨ᠎ᠳᠤ᠎ᠪᠡᠨ 《ᠪᠢ ᠪᠤᠯ ᠴᠠᠭ᠎ᠢ ᠲᠤᠢᠯ᠎ᠢᠶᠠᠷ ᠨᠠᠨᠳᠢᠩᠨᠠᠳᠠᠭ ᠬᠦᠮᠦᠨ ᠱᠢᠦ᠂ ᠨᠢᠭᠡ ᠮᠢᠨᠦ᠋ᠲᠢᠴᠦ ᠰᠦᠢᠳᠭᠡᠵᠦ ᠪᠣᠯᠬᠤ᠎ᠦᠭᠡᠢ》 ᠭᠡᠵᠦ ᠶᠠᠷᠢᠵᠤ ᠪᠠᠢᠯ᠎ᠠ᠃
《ᠪᠢ ᠬᠡᠷᠪᠡ ᠪᠤᠢ ᠪᠦᠬᠦᠢ ᠰᠣᠨᠢᠷᠬᠠᠯ ᠳᠣᠲᠤᠷ᠎ᠠ᠎ᠡᠴᠡ ᠬᠣᠶᠠᠷᠢᠯᠠ ᠰᠣᠩᠭᠤᠬᠤ ᠭᠡᠪᠡᠯ ᠡᠩ ᠲᠡᠷᠢᠭᠦᠨ᠎ᠳᠦ ᠨᠣᠮ ᠤᠩᠱᠢᠬᠤ᠎ᠶᠢ ᠰᠣᠩᠭᠤᠵᠤ᠂ ᠳᠠᠷᠠᠭᠠᠯᠠᠪᠠᠯ ᠵᠢᠭᠤᠯᠴᠢᠯᠠᠯ᠎ᠢ ᠰᠣᠩᠭᠤᠨ᠎ᠠ》 ᠭᠡᠵᠦ ᠢᠦᠢ ᠮᠢᠨ ᠬᠤᠨᠭ ᠬᠡᠯᠡᠭᠰᠡᠨ ᠪᠠᠢᠨ᠎ᠠ᠃
ᠲᠡᠭᠡᠪᠡᠯ ᠢᠦᠢ ᠮᠢᠨ ᠬᠤᠩ ᠶᠠᠭᠤᠨ᠎ᠤ ᠤᠴᠢᠷ᠎ᠠᠴᠠ ᠡᠨᠡ ᠮᠡᠲᠦ ᠨᠣᠮ ᠤᠩᠱᠢᠬᠤ ᠳᠤᠷᠠᠲᠠᠢ ᠪᠠᠢᠳᠠᠭ ᠪᠤᠢ?
《ᠪᠢ ᠪᠤᠯ ᠲᠠᠷᠢᠶᠠᠴᠢᠨ᠎ᠤ ᠬᠡᠦᠬᠡᠳ᠂ ᠪᠠᠭᠠᠵᠢᠨ ᠦᠶ᠎ᠡ᠎ᠳᠦ ᠣᠯᠵᠤ ᠦᠵᠡᠬᠦ ᠨᠣᠮ ᠳᠠᠩᠴᠤ ᠬᠢᠵᠠᠭᠠᠷ᠎ᠲᠠᠢ᠂ ᠶᠡᠬᠡ ᠰᠤᠷᠭᠠᠭᠤᠯᠢ᠎ᠳᠤ ᠱᠢᠯᠭᠠᠬᠤ᠎ᠡᠴᠡ ᠡᠮᠦᠨ᠎ᠡ ᠤᠩᠱᠢᠳᠠᠭ ᠨᠣᠮ᠎ᠨᠢ ᠬᠢᠴᠢᠶᠡᠯ᠎ᠦᠨ ᠪᠢᠴᠢᠭᠯᠡ ᠪᠠᠢᠯ᠎ᠠ᠃ ᠪᠡᠭᠡᠵᠢᠩ ᠶᠡᠬᠡ ᠰᠤᠷᠭᠠᠭᠤᠯᠢ᠎ᠳᠤ ᠱᠢᠯᠭᠠᠨ ᠣᠷᠤᠭᠰᠠᠨ᠎ᠤ ᠳᠠᠷᠠᠭ᠎ᠠ ᠮᠠᠱᠢ ᠣᠯᠠᠨ ᠨᠣᠮ ᠦᠵᠡᠵᠡᠢ᠂ ᠡᠨᠡᠬᠦ ᠳᠠᠳᠭᠠᠯ᠎ᠢᠶᠠᠨ ᠪᠠᠷᠢᠮᠲᠠᠯᠠᠭᠰᠠᠭᠠᠷᠯᠠ ᠪᠠᠢᠭ᠎ᠠ》 ᠭᠡᠵᠦ ᠠᠬᠤᠢ ᠲᠠᠯᠠᠪᠠᠢ᠎ᠳᠤ ᠢᠦᠢ ᠮᠢᠨ ᠬᠤᠨᠭ ᠰᠡᠳᠭᠢᠯ᠎ᠢᠶᠡᠨ ᠠᠭᠤᠳᠠᠯᠠᠨ ᠶᠠᠷᠢᠵᠦ ᠪᠠᠢᠯ᠎ᠠ᠃
《ᠨᠣᠮ ᠤᠩᠱᠢᠬᠤ ᠪᠣᠯ ᠮᠢᠨᠤ ᠬᠠᠮᠤᠭ᠎ᠤᠨ ᠶᠡᠬᠡ ᠳᠤᠷ᠎ᠠ ᠪᠠᠬᠠᠶᠤᠮ᠃ 》 ᠲᠡᠭᠦᠨ᠎ᠦ ᠦᠵᠡᠬᠦ᠎ᠪᠠᠷ 《ᠴᠠᠭ ᠮᠦᠴᠡ᠎ᠪᠡᠨ ᠬᠢᠵᠦ ᠪᠠᠢᠭ᠎ᠠ ᠠᠵᠢᠯ᠎ᠤᠨ ᠢᠷᠡᠭᠡᠳᠦᠢ᠎ᠶᠢᠨ ᠬᠥᠭᠵᠢᠯᠲᠡᠳᠡᠭᠡᠷᠡᠪᠠᠨ ᠵᠠᠷᠤᠴᠠᠭᠤᠯᠬᠤ ᠪᠤᠯ ᠨᠢᠭᠡᠨ ᠵᠣᠯ ᠵᠠᠪᠱᠢᠶᠠᠨ ᠪᠣᠯᠤᠨ᠎ᠠ》᠃
ᠢᠦᠢ ᠮᠢᠨ ᠬᠤᠨᠭ᠎ᠳᠤ ᠠᠪᠴᠤ ᠬᠡᠯᠡᠪᠡᠯ ᠨᠣᠮ ᠤᠩᠱᠢᠬᠤ᠎ᠨᠢ ᠨᠡᠭᠡᠷᠡᠨᠴᠦ ᠥᠪᠡᠷ᠎ᠦᠨ ᠬᠢᠨᠢ ᠬᠤᠪᠢ ᠵᠠᠶᠠᠭ᠎ᠠ᠎ᠶᠢ ᠬᠤᠪᠢᠷᠠᠭᠤᠯᠤᠭᠰᠠᠨ ᠪᠠᠢᠨ᠎ᠠ᠂ ᠲᠠᠷᠢᠶᠠᠴᠢᠨ᠎ᠤ ᠬᠡᠦᠬᠡᠳ᠎ᠡᠴᠡ ᠡᠴᠦᠰ᠎ᠲᠤ᠎ᠪᠠᠨ ᠪᠡᠭᠡᠵᠢᠩ ᠶᠡᠬᠡ ᠰᠤᠷᠭᠠᠭᠤᠯᠢ᠎ᠳᠤ ᠰᠤᠷᠤᠯᠴᠠᠵᠤ᠂ ᠰᠤᠷᠭᠠᠭᠤᠯᠢ᠎ᠳᠤ᠎ᠪᠠᠨ ᠦᠯᠡᠳᠡᠵᠦ ᠪᠠᠭᠱᠢᠯᠠᠭᠠᠳ᠂ ᠤᠯᠠᠮ ᠴᠢᠨᠠᠭᠱᠢᠲᠠ ᠱᠢᠨ ᠳ᠋ᠦᠩ ᠹᠠᠩ᠎ᠶᠢ ᠡᠭᠦᠰᠭᠡᠨ ᠪᠠᠢᠭᠤᠯᠵᠤ ᠬᠡᠳᠦᠨ ᠰᠠᠶ᠎ᠠ ᠬᠦᠮᠦᠨ᠎ᠦ ᠭᠠᠳᠠᠭᠠᠳᠤ᠎ᠳᠤ ᠰᠤᠷᠤᠯᠴᠠᠬᠤ ᠬᠦᠰᠡᠯ ᠵᠣᠷᠢᠯᠢ ᠪᠡᠶᠡᠯᠡᠭᠦᠯᠵᠡᠢ᠂ ᠢᠦᠢ ᠮᠢᠨ ᠬᠤᠨᠭᠢ ᠣᠳᠤᠬᠠᠨ᠎ᠤ ᠳᠤᠮᠳᠠᠳᠤ ᠤᠯᠤᠰ᠎ᠤᠨ ᠬᠠᠮᠤᠭ᠎ᠤᠨ ᠠᠮᠵᠢᠯᠲᠠ᠎ᠳᠤ ᠬᠦᠷᠦᠭᠰᠡᠨ 《ᠰᠤᠷᠭᠠᠨ ᠬᠦᠮᠦᠵᠢᠯᠲᠡᠨ》 ᠭᠡᠰᠡᠨ᠎ᠴᠦ ᠪᠣᠯᠬᠤ᠎ᠶᠤᠮ᠃
《ᠪᠢ ᠪᠡᠭᠡᠵᠢᠩ ᠶᠡᠬᠡ ᠰᠤᠷᠭᠠᠭᠤᠯᠢ᠎ᠳᠤ ᠰᠤᠷᠤᠯᠴᠠᠵᠤ ᠪᠠᠢᠭᠰᠠᠨ᠂ ᠪᠢᠴᠢᠭ ᠵᠢᠭᠠᠵᠤ ᠪᠠᠢᠭᠰᠠᠨ ᠡᠳᠦᠷᠦ᠋ᠳᠢᠶᠡᠨ ᠮᠠᠱᠢᠲᠠ ᠳᠤᠷᠠᠰᠤᠨ ᠰᠠᠨᠠᠭᠠᠯᠵᠠᠳᠠᠭ᠃ 》 《ᠳᠤᠬᠠᠢ᠎ᠶᠢᠨ ᠵᠢᠯᠤ᠋ᠳᠲᠤ ᠪᠡᠭᠡᠵᠢᠩ ᠶᠡᠬᠡ ᠰᠤᠷᠭᠠᠭᠤᠯᠢ᠎ᠳᠤ ᠪᠠᠢᠬᠤ ᠦᠶᠡᠰ ᠬᠠᠮᠤᠭ᠎ᠤᠨ ᠰᠠᠢᠬᠠᠨ ᠰᠠᠨᠠᠭᠳᠠᠳᠠᠭ᠎ᠨᠢ ᠶᠡᠬᠡ ᠬᠡᠮᠵᠢᠶᠡᠨ᠎ᠦ ᠴᠠᠭ᠎ᠢᠶᠠᠨ ᠣᠷᠤᠨ ᠳᠡᠭᠡᠷ᠎ᠡ᠎ᠪᠡᠨ ᠬᠡᠪᠲᠡᠨ ᠨᠣᠮ ᠤᠩᠱᠢᠬᠤ ᠪᠤᠶᠤ ᠭᠠᠳᠠᠭᠱᠢ ᠭᠠᠷᠴᠤ ᠵᠢᠭᠤᠯᠴᠢᠯᠠᠬᠤ ᠪᠣᠯᠤᠨ᠎ᠠ》 ᠭᠡᠵᠦ ᠢᠦᠢ ᠮᠢᠨ ᠬᠤᠩ ᠲᠤᠰ ᠡᠳᠦᠷ᠎ᠦᠨ ᠶᠠᠷᠢᠶᠠᠨ᠎ᠳᠤ᠎ᠪᠠᠨ ᠳᠤᠷᠠᠳᠴᠤ ᠪᠢᠯᠡ᠃
ᠣᠯᠠᠨ ᠵᠢᠯ᠎ᠤᠨ ᠨᠣᠮ ᠤᠩᠱᠢᠭᠰᠠᠨ ᠥᠩᠭᠡᠷᠡᠯᠲᠡᠨᠢᠴᠦ ᠢᠦᠢ ᠮᠢᠨ ᠬᠤᠩ᠎ᠢ ᠥᠰᠦᠳ ᠥᠭᠡᠷ᠎ᠡ ᠥᠷᠲᠡᠭ᠎ᠦᠨ ᠦᠵᠡᠯᠲᠡᠲᠡᠢ ᠪᠣᠯᠭᠠᠭᠰᠠᠨ ᠪᠠᠢᠨ᠎ᠠ᠃
《ᠴᠠᠢᠯᠭᠠᠨ᠂ ᠢᠲᠡᠭᠡᠮᠵᠢ᠎ᠲᠠᠢ᠂ ᠳᠠᠷᠤᠤ ᠪᠣᠯ ᠮᠢᠨᠤ ᠠᠮᠢᠳᠤᠷᠠᠯ᠎ᠤᠨ ᠶᠠᠪᠤᠴᠠ ᠳᠤᠮᠳᠠ ᠬᠠᠮᠤᠭ᠎ᠤᠨ ᠡᠷᠬᠢᠮᠯᠡᠳᠡᠭ ᠵᠦᠢᠯᠶᠤᠮ》 ᠭᠡᠵᠦ ᠢᠦᠢ ᠮᠢᠨ ᠬᠤᠨᠭ ᠶᠠᠷᠢᠵᠤ ᠪᠠᠢᠯ᠎ᠠ᠃
ᠲᠡᠷᠡᠪᠡᠷ ᠰᠠᠢᠨ ᠨᠠᠢᠵᠠ ᠯᠢᠶᠠᠩ ᠱᠢᠶᠤᠤ ᠱᠧᠩ᠎ᠤᠨ ᠬᠡᠯᠡᠭᠰᠡᠨ 《ᠳᠣᠲᠤᠷ᠎ᠠ᠎ᠨᠢ ᠬᠠᠳᠠᠩᠱᠢᠭᠰᠠᠨ ᠪᠤᠯᠪᠠᠰᠤᠷᠠᠯ᠂ ᠰᠠᠨᠠᠭᠤᠯᠬᠤ ᠴᠢᠬᠤᠯᠠ᠎ᠦᠭᠡᠢ ᠤᠬᠠᠮᠰᠠᠷ᠂ ᠬᠢᠵᠠᠭᠠᠷᠯᠠᠯ᠎ᠢᠶᠠᠷ ᠤᠷᠢᠳᠠᠯ ᠪᠣᠯᠭᠠᠭᠰᠠᠨ ᠡᠷᠬᠡ ᠴᠢᠯᠦᠭᠡ᠂ ᠪᠤᠰᠤᠳ᠎ᠤᠨ ᠲᠥᠯᠦᠭᠡ ᠪᠣᠳᠤᠳᠠᠭ ᠴᠠᠢᠯᠭᠠᠨ ᠰᠡᠳᠭᠢᠯ》 ᠭᠡᠰᠡᠨ᠎ᠢ ᠡᠱᠢ ᠲᠠᠲᠠᠨ 《ᠡᠨᠡ ᠪᠣᠯ ᠳᠠᠷᠤᠢ ᠮᠢᠨᠤ ᠢᠮᠠᠭᠲᠠ ᠬᠥᠭᠡᠭᠡᠴᠡᠯᠳᠦᠭᠰᠡᠭᠡᠷ ᠢᠷᠡᠭᠰᠡᠨ ᠬᠦᠮᠦᠨ ᠪᠣᠯᠬᠤ ᠵᠣᠷᠢᠯᠲᠠ ᠪᠣᠯᠤᠨ᠎ᠠ》 ᠭᠡᠵᠡᠢ᠃
ᠳᠤᠷᠠᠳᠤᠭᠤᠱᠢᠲᠠᠢᠨᠢ ᠢᠦᠢ ᠮᠢᠨ ᠬᠤᠩ ᠪᠣᠯ ᠪᠠᠰᠠ᠎ᠴᠤ ᠣᠳᠤᠬᠠᠨ᠎ᠤ ᠳᠤᠮᠳᠠᠳᠤ ᠤᠯᠤᠰ᠎ᠤᠨ ᠦᠢ ᠲᠦᠮᠡᠨ ᠵᠠᠯᠠᠭᠤᠴᠤᠳ ᠪᠠᠭᠠᠴᠤᠳ᠎ᠤᠨ 《ᠵᠣᠷᠢᠭᠲᠠᠨ ᠠᠬ᠎ᠠ》 ᠪᠣᠯᠤᠨ᠎ᠠ᠃
2013 ᠣᠨ᠎ᠤ 5 ᠰᠠᠷ᠎ᠠ᠎ᠶᠢᠨ 17᠎ᠳᠤ᠂ ᠴᠧᠨ ᠺᠧ ᠱᠢᠨ᠎ᠦ ᠤᠳᠤᠷᠢᠳᠤᠭᠠᠭᠰᠠᠨ ᠵᠠᠯᠠᠭᠤᠴᠤᠳ᠎ᠤᠨ ᠵᠣᠷᠢᠭᠯᠠᠯ ᠵᠥᠴᠦᠭᠡ 《ᠳᠤᠮᠳᠠᠳᠤ ᠤᠯᠤᠰ᠎ᠤᠨ ᠬᠣᠷᠱᠢᠭᠴᠢ》᠎ᠨᠢ ᠦᠵᠡᠭᠴᠢᠳᠲᠡᠢ ᠨᠢᠭᠤᠷ ᠵᠣᠯᠭᠠᠵᠠᠢ᠂ ᠲᠤᠰ ᠺᠢᠨᠤ ᠪᠣᠯ ᠱᠢᠨ ᠳ᠋ᠦᠩ ᠹᠠᠩ᠎ᠤᠨ ᠠᠲᠠᠯ ᠪᠣᠰᠭᠠᠭᠰᠠᠨ ᠦᠯᠢᠭᠡᠷ᠎ᠢᠶᠡᠷ ᠭᠣᠤᠯ ᠱᠢᠵᠢᠮ ᠪᠣᠯᠭᠠᠵᠤ᠂ ᠢᠦᠢ ᠮᠢᠨ ᠬᠤᠩ ᠪᠠ ᠱᠢᠦᠢ ᠱᠢᠶᠤᠤ ᠫᠢᠩ᠂ ᠸᠠᠩ ᠴᠢᠶᠠᠩ ᠭᠤᠷᠪᠠᠨ ᠬᠦᠮᠦᠨ᠎ᠦ ᠱᠢᠨ ᠳ᠋ᠦᠩ ᠹᠠᠩᠳᠤᠪᠠᠨ ᠬᠠᠮᠲᠤ᠎ᠪᠠᠷ ᠮᠡᠷᠡᠢᠨ ᠴᠢᠷᠮᠠᠢᠭᠰᠠᠨ ᠪᠠ ᠠᠬ᠎ᠠ ᠳᠡᠭᠦᠦ᠎ᠶᠢᠨ ᠬᠠᠢᠷ᠎ᠠ ᠰᠡᠳᠭᠢᠯᠭᠡ ᠵᠡᠷᠭᠡ᠎ᠪᠡᠷ ᠪᠣᠷᠤ ᠮᠠᠲᠧᠷᠢᠶᠠᠯ ᠪᠣᠯᠭᠠᠨ ᠵᠣᠬᠢᠶᠠᠭᠰᠠᠨ ᠪᠠᠢᠨ᠎ᠠ᠃
《ᠵᠥᠴᠦᠭᠡ᠎ᠳᠡᠬᠢ ᠱᠢᠨ ᠳ᠋ᠦᠩ ᠹᠠᠩ᠎ᠤᠨ ᠬᠠᠲᠠᠭᠤᠵᠢᠯᠲᠠᠢ᠎ᠪᠠᠷ ᠠᠲᠠᠯ ᠪᠣᠰᠭᠠᠭᠰᠠᠨ ᠥᠩᠭᠡᠷᠡᠯᠲᠡ᠎ᠨᠢ ᠦᠨᠳᠦᠰᠦᠨ᠎ᠳᠤ᠎ᠪᠠᠨ ᠴᠥᠮ ᠪᠤᠳᠠᠲᠠᠢ ᠵᠦᠢᠯ᠂ ᠪᠢ ᠬᠣᠶᠠᠷ ᠬᠠᠮᠲᠤᠷᠠᠭᠴᠢᠶᠢᠨᠵᠢᠨᠨ ᠣᠷᠤᠯᠴᠠᠯᠭ᠎ᠠ᠎ᠳᠤ ᠲᠤᠢᠯ᠎ᠢᠶᠠᠷ ᠲᠠᠯᠠᠷᠬᠠᠨ᠎ᠠ᠂ ᠭᠡᠪᠡᠴᠦ ᠪᠤᠳᠠᠲᠤ ᠠᠮᠢᠳᠤᠷᠠᠯ ᠳᠤᠮᠳᠠᠬᠢ ᠪᠢᠴᠢ᠎ᠨᠢ ᠵᠥᠴᠦᠭᠡᠳᠡᠬᠢᠡᠴᠡᠪᠡᠨ ᠨᠡᠩᠯᠡ ᠭᠢᠯᠠᠷᠠᠮᠠᠶᠤᠮᠳᠡ》 ᠭᠡᠵᠦ ᠬᠡᠯᠡᠮᠡᠭᠴᠡ᠎ᠪᠡᠨ ᠢᠦᠢ ᠮᠢᠨ ᠬᠤᠨᠭ ᠬᠠᠳᠠᠭᠠᠨᠠᠳᠠᠯ᠎ᠠ ᠢᠨᠢᠶᠡᠪᠡ᠃
ᠨᠠᠢᠷᠠᠭᠤᠯᠤᠭᠴᠢ/ ᠰᠤᠷᠪᠤᠯᠵᠢᠯᠠᠭᠴᠢ᠄ ᠭᠣᠷᠤᠬ᠎ᠠ ᠼᠤᠤ ᠴᠢᠶᠠᠨ
ᠣᠷᠴᠢᠭᠤᠯᠤᠭᠴᠢ᠄ ᠪᠣᠯᠤᠳ
ᠳᠤᠮᠳᠠᠳᠤ ᠤᠯᠤᠰ᠎ᠤᠨ ᠰᠣᠨᠢᠨ ᠮᠡᠳᠡᠭᠡ ᠨᠧᠲ᠎ᠠᠴᠠ ᠣᠷᠴᠢᠭᠤᠯᠤᠨ ᠨᠡᠢᠳᠡᠯᠡᠪᠡ