ᠬᠡᠤᠬᠡᠳ᠎ᠦᠨ ᠰᠡᠳᠭᠢᠯ᠎ᠳᠡᠬᠢ ᠰᠣᠨᠢᠷᠬᠠᠯᠲᠤ ᠶᠢᠷᠲᠢᠨᠴᠦ 《ᠷᠤᠪᠤᠲ ᠬᠠᠱᠢ》
2019.10.23
  —— ᠬᠣᠲᠠ᠎ᠶᠢᠨ ᠬᠡᠤᠬᠡᠳ ᠰᠢ ᠰᠢ ᠪᠣᠯᠤᠨ ᠮᠠᠯᠴᠢᠨ᠎ᠤ ᠬᠡᠤᠬᠡᠳ ᠬᠠᠰᠠᠷ ᠰᠠᠢᠨ ᠨᠠᠢᠵᠠ ᠪᠣᠯᠤᠯ᠎ᠠ᠃ ᠵᠤᠨ᠎ᠤ ᠠᠮᠠᠷᠠᠯᠲᠠ᠎ᠪᠠᠷ ᠰᠢ ᠰᠢ ᠮᠠᠱᠢᠨ ᠬᠥᠮᠦᠨ᠎ᠢᠶᠡᠨ ᠠᠪᠴᠤ ᠬᠠᠰᠠᠷ᠎ᠤᠨ ᠬᠥᠳᠡᠭᠡ ᠭᠡᠷ᠎ᠲᠤ ᠢᠷᠡᠯ᠎ᠡ᠃ ᠣᠭᠲᠤ ᠦᠵᠡᠭᠡ᠎ᠦᠭᠡᠢ ᠱᠢᠨ᠎ᠡ ᠵᠣᠴᠢᠨ᠎ᠢ ᠬᠥᠳᠡᠭᠡ᠎ᠶᠢᠨ ᠬᠡᠤᠬᠡᠳ ᠦᠵᠡᠭᠡᠳ ᠭᠠᠢᠬᠠᠱᠢ ᠠᠯᠳᠠᠨ ᠪᠠᠰᠠ ᠵᠢᠭᠠᠬᠠᠨ ᠠᠶᠤᠳᠠᠰᠤ ᠬᠦᠷᠦᠨ᠎ᠡ; ᠮᠠᠱᠢᠨ ᠬᠥᠮᠦᠨ ᠬᠠᠱᠢ᠎ᠪᠠᠷ ᠬᠣᠨᠢ ᠬᠠᠷᠢᠭᠤᠯᠤᠯ᠎ᠠ᠃ ᠠᠯᠢᠶ᠎ᠠ ᠬᠦᠤ ᠵᠣᠷᠢᠭ ᠴᠢᠨ᠋ᠸ᠎ᠠ᠎ᠶᠢ ᠳᠠᠭᠤᠷᠢᠶᠠᠨ ᠣᠷᠢᠯᠠᠬᠤ᠎ᠳᠤ ᠮᠠᠱᠢᠨ ᠬᠥᠮᠦᠨ ᠬᠠᠱᠢ ᠬᠣᠨᠢ᠎ᠪᠠᠨ ᠬᠤᠷᠢᠶᠠᠵᠤ ᠭᠡᠷ ᠵᠦᠭ᠎ᠢᠶᠡᠨ ᠪᠤᠴᠠᠬᠤ᠎ᠪᠠᠷ ᠪᠡᠯᠡᠳᠭᠡᠯ᠎ᠡ; ᠬᠥᠳᠡᠭᠡ᠎ᠶᠢᠨ ᠬᠡᠤᠬᠡᠳ ᠬᠠᠰᠠᠷ᠂ ᠴᠡᠴᠡᠭ᠂ ᠵᠣᠷᠢᠭ᠎ᠨᠠᠷ ᠰᠢ ᠰᠢ ᠪᠣᠯᠤᠨ ᠲᠡᠭᠦᠨ᠎ᠤ ᠮᠠᠱᠢᠨ ᠬᠥᠮᠦᠨ ᠬᠠᠱᠢ᠎ᠲᠠᠢ ᠰᠠᠢᠨ ᠨᠠᠢᠵᠠ ᠪᠣᠯᠤᠯᠴᠠᠵᠤ ᠬᠠᠮᠲᠤ ᠲᠣᠭᠯᠠᠨ᠂ ᠬᠠᠷᠢᠯᠴᠠᠨ ᠬᠠᠪᠰᠤᠷᠤᠯᠴᠠᠨ᠎ᠠ᠁

 

  ᠳᠡᠭᠡᠷᠡᠬᠢ ᠪᠤᠯ ᠬᠡᠤᠬᠡᠳ᠎ᠦᠨ ᠴᠤᠪᠤᠷᠠᠯ ᠨᠣᠮ 《ᠷᠤᠪᠤᠲ ᠬᠠᠱᠢ》 ᠬᠡᠤᠬᠡᠳ᠎ᠦᠨ ᠶᠢ᠍ᠷᠲᠢᠨᠴᠤ ᠨᠣᠮ᠎ᠤᠨ ᠬᠡᠰᠡᠭ ᠦᠯᠢᠭᠡᠷ ᠦᠵᠡᠭᠳᠡᠯ ᠪᠣᠯᠤᠨ᠎ᠠ᠃ ᠡᠨᠡ ᠪᠤᠯ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ᠎ᠶᠢᠨ ᠮᠣᠩᠭᠤᠯ ᠤᠯᠤᠰ᠎ᠠᠴᠠ ᠣᠷᠤᠭᠤᠯᠤᠨ ᠠᠪᠴᠢᠷᠠᠭᠰᠠᠨ ᠬᠡᠤᠬᠡᠳ᠎ᠦᠨ ᠵᠢᠷᠤᠭᠲᠤ ᠨᠣᠮ ᠪᠣᠯᠤᠨ᠎ᠠ᠃ 《ᠣᠭᠲᠤ ᠦᠵᠡᠭᠡ᠎ᠦᠭᠡᠢ ᠱᠢᠨ᠎ᠡ ᠵᠣᠴᠢᠨ》᠂ 《ᠰᠠᠷᠯᠤᠭ᠎ᠲᠤ ᠮᠥᠷᠭᠦᠭᠦᠯᠵᠦ ᠮᠠᠯ ᠵᠢᠭᠱᠢᠭᠡᠯ᠎ᠡ》᠂ 《ᠡᠷᠦᠬᠡ ᠪᠦᠲᠦᠭᠡᠬᠦ᠎ᠳᠤ ᠤᠴᠢᠷ ᠪᠤᠢ》᠂ 《ᠬᠠᠱᠢ ᠣᠨᠢᠰᠤᠭ᠎ᠠ ᠲᠠᠭᠠᠭᠰᠠᠨ᠎ᠨᠢ》᠂ 《ᠬᠠᠱᠢ ᠨᠡᠪᠲᠡᠷᠡᠭᠦᠯᠭᠡ ᠦᠵᠡᠭᠦᠯᠦᠭᠰᠡᠨ᠎ᠨᠢ》᠂ 《ᠬᠠᠱᠢ ᠬᠣᠨᠢ ᠬᠠᠷᠢᠭᠤᠯᠤᠭᠰᠠᠨ᠎ᠨᠢ》᠂ 《ᠠᠢᠯ ᠭᠡᠷ ᠪᠣᠯᠵᠤ ᠲᠣᠭᠯᠠᠭᠰᠠᠨ᠎ᠨᠢ》᠂ 《ᠬᠣᠭᠤᠯᠠᠢ᠎ᠶᠢᠨ ᠷᠠᠱᠢᠶᠠᠨ》᠂ 《ᠬᠠᠱᠢ ᠡᠪᠳᠡᠷᠡᠯ᠎ᠡ》᠂ 《ᠬᠠᠱᠢ ᠱᠢᠨᠡᠴᠢᠯᠡᠭᠳᠡᠪᠡ》 ᠵᠡᠷᠭᠡ10  ᠵᠢᠵᠢᠭ ᠦᠯᠢᠭᠡᠷ᠎ᠢᠶᠡᠷ ᠪᠢᠴᠢᠭᠳᠡᠭᠰᠡᠨ ᠡᠨᠡ᠎ᠬᠦ  ᠨᠣᠮ᠎ᠳᠤ ᠬᠣᠲᠠ᠎ᠶᠢᠨ ᠬᠡᠤᠬᠡᠳ ᠰᠢ ᠰᠢ ᠥᠪᠡᠷ᠎ᠦᠨ ᠮᠠᠱᠢᠨ ᠬᠥᠮᠦᠨ ᠬᠠᠱᠢ᠎ᠪᠠᠨ ᠠᠪᠴᠤ ᠮᠠᠯᠴᠢᠨ ᠠᠢᠯ᠎ᠳᠤ ᠬᠦᠷᠴᠤ᠂ ᠵᠤᠨ᠎ᠤ ᠠᠮᠠᠷᠠᠯᠲᠠ᠎ᠪᠠᠨ ᠥᠩᠭᠡᠷᠡᠭᠦᠯᠬᠦ᠎ᠳᠤ ᠮᠠᠱᠢ ᠤᠯᠠᠨ ᠢᠨᠢᠶᠡᠳᠦᠮ ᠱᠣᠭ᠎ᠲᠠᠢ ᠮᠥᠷᠲᠡᠭᠡᠨ ᠰᠤᠷᠭᠠᠯ ᠬᠥᠮᠦᠵᠢᠯ᠎ᠦᠨ ᠠᠭᠤᠯᠭ᠎ᠠ᠎ᠲᠠᠢ ᠦᠯᠢᠭᠡᠷ ᠤᠴᠠᠷᠠᠯ ᠡᠭᠦᠰᠦᠭᠰᠡᠨ᠎ᠢ ᠲᠡᠮᠳᠡᠭᠯᠡᠭᠰᠡᠨ ᠪᠠᠢᠨ᠎ᠠ᠃ ᠪᠢᠴᠢᠬᠠᠨ ᠵᠣᠬᠢᠶᠠᠯ᠎ᠤᠨ ᠪᠠᠭᠠᠲᠤᠷ ᠰᠢ ᠰᠢ ᠪᠣᠯᠤᠨ ᠮᠠᠱᠢᠨ ᠬᠥᠮᠦᠨ ᠬᠠᠱᠢ᠎ᠶᠢᠨ ᠬᠦᠲᠡᠭᠡ ᠨᠤᠲᠤᠭ᠎ᠳᠡᠬᠢ ᠥᠩᠭᠡᠷᠡᠯᠲᠡ ᠤᠴᠠᠷᠠᠯ᠎ᠢᠶᠠᠷ ᠳᠠᠮᠵᠢᠭᠤᠯᠤᠨ᠂ ᠮᠠᠱᠢᠨ ᠬᠥᠮᠦᠨ ᠬᠠᠱᠢ᠎ᠶᠢᠨ ᠱᠢᠨ᠎ᠡ ᠰᠡᠪᠡᠬᠦᠨ ᠴᠢᠳᠠᠮᠵᠢ᠎ᠶᠢ ᠪᠢᠴᠢᠬᠠᠨ ᠤᠩᠱᠢᠭᠴᠢᠳ᠎ᠲᠤ᠎ᠪᠠᠨ ᠳᠡᠯᠭᠡᠨ ᠦᠵᠡᠭᠦᠯᠬᠦ᠎ᠶᠢᠨ ᠵᠡᠷᠭᠡ᠎ᠪᠡᠷ ᠮᠣᠩᠭᠤᠯᠴᠤᠳ᠎ᠤᠨ ᠤᠯᠠᠮᠵᠢᠯᠠᠯᠲᠤ ᠠᠮᠢᠳᠤᠷᠠᠯ᠎ᠤᠨ ᠵᠠᠩ ᠳᠠᠳᠭᠠᠯ᠎ᠢ ᠬᠡᠤᠬᠡᠳ᠎ᠲᠤ ᠭᠣᠶᠤ ᠰᠠᠢᠬᠠᠨ ᠵᠢᠷᠤᠭ᠎ᠢᠶᠠᠷ ᠵᠢᠷᠤᠵᠤ ᠲᠠᠨᠢᠯᠴᠠᠭᠤᠯᠤᠭᠰᠠᠨ ᠪᠠᠢᠨ᠎ᠠ᠃ ᠳ·ᠪᠠᠲᠤᠵᠢᠷᠭᠠᠯ ᠵᠣᠬᠢᠶᠠᠵᠤ᠂ ᠵᠢ᠊·ᠪᠠᠳᠮᠠᠨᠢᠶᠠᠮᠪᠤ᠎ᠶᠢᠨ ᠵᠢᠷᠤᠭᠰᠠᠨ ᠡᠨᠡ᠎ᠬᠦ ᠬᠡᠤᠬᠡᠳ᠎ᠦᠨ ᠨᠣᠮ᠎ᠤᠨ ᠬᠡᠯᠡ ᠬᠡᠯᠡᠯᠭᠡ᠎ᠨᠢ ᠢᠷᠠᠭᠤ ᠰᠠᠢᠬᠠᠨ᠂ ᠵᠢᠷᠤᠭ᠎ᠨᠢ ᠠᠮᠢᠲᠤ ᠳᠦᠷᠰᠦᠯᠢᠭ ᠪᠠᠢᠵᠤ᠂ ᠪᠢᠴᠢᠬᠠᠨ ᠨᠠᠢᠵᠠ᠎ᠨᠠᠷ᠎ᠲᠤ ᠠᠭᠤᠳᠠᠮᠴᠢ ᠪᠠᠭᠲᠠᠭᠠᠮᠵᠢ᠎ᠲᠠᠢ ᠪᠠᠢᠬᠤ᠂ ᠬᠠᠢᠷ᠎ᠠ ᠡᠨᠡᠷᠢᠯ᠎ᠲᠠᠢ ᠪᠠᠢᠬᠤ᠂ ᠪᠡᠶ᠎ᠡ᠎ᠪᠠᠨ ᠳᠠᠭᠠᠭᠠᠬᠤ ᠴᠢᠳᠠᠪᠦᠷᠢ᠎ᠶᠢ ᠡᠵᠡᠮᠱᠢᠬᠦ ᠰᠠᠢᠨ ᠰᠠᠢᠬᠠᠨ ᠬᠥᠮᠦᠵᠢᠯ ᠬᠦᠷᠲᠡᠭᠡᠬᠦ ᠪᠣᠯᠤᠨ᠎ᠠ᠃

  ᠲᠤᠰ ᠨᠣᠮ᠎ᠤᠨ ᠵᠣᠬᠢᠶᠠᠭᠴᠢ ᠳ·ᠪᠠᠲᠤᠵᠢᠷᠭᠠᠯ ᠪᠤᠯ ᠮᠣᠩᠭᠤᠯ ᠤᠯᠤᠰ᠎ᠤᠨ ᠶᠡᠬᠡ ᠰᠤᠷᠭᠠᠭᠤᠯᠢ᠎ᠶᠢᠨ ᠤᠳᠭ᠎ᠠ ᠵᠣᠬᠢᠶᠠᠯ ᠤᠷᠠᠯᠢᠭ᠎ᠤᠨ ᠰᠤᠳᠤᠯᠭᠠᠨ᠎ᠤ ᠭᠠᠵᠠᠷ᠎ᠤᠨ ᠪᠠᠭᠱᠢ ᠪᠣᠯᠤᠨ᠎ᠠ᠃ ᠬᠡᠯᠡ ᠪᠢᠴᠢᠭ᠎ᠦᠨ ᠤᠬᠠᠭᠠᠨ᠎ᠤ ᠳ᠋ᠤᠺᠲ᠋ᠤᠷ᠂ ᠨᠠᠴᠤᠭᠳᠤᠷᠵᠢ᠎ᠶᠢᠨ ᠱᠠᠩᠨᠠᠯ᠎ᠢ ᠬᠦᠷᠲᠡᠭᠰᠡᠳ᠎ᠶᠤᠮ᠃ ᠮᠣᠩᠭᠤᠯ ᠤᠯᠤᠰ᠎ᠤᠨ ᠣᠳᠤ ᠦᠶ᠎ᠡ᠎ᠶᠢᠨ ᠬᠡᠤᠬᠡᠳ᠎ᠦᠨ ᠤᠷᠠᠨ ᠵᠣᠬᠢᠶᠠᠯ᠎ᠤᠨ ᠲᠥᠯᠦᠭᠡᠯᠡᠭᠴᠢ ᠪᠣᠯᠤᠨ᠎ᠠ᠃ ᠲᠡᠷᠡ ᠵᠣᠬᠢᠶᠠᠨ ᠪᠢᠴᠢᠯᠭᠡ᠎ᠶᠢ ᠤᠷᠤᠯᠳᠤᠭᠰᠠᠨ᠎ᠠᠴᠠ ᠨᠠᠭᠠᠱᠢ 《ᠴᠢᠯᠠᠭᠤᠨ᠎ᠤ ᠬᠡᠯᠡ》᠂ 《ᠨᠡᠷᠡᠨ᠎ᠤ ᠳᠣᠮᠤᠭ》᠂ 《C+H=247》 ᠵᠡᠷᠭᠡ30  ᠭᠠᠷᠤᠢ ᠬᠡᠤᠬᠡᠳ᠎ᠦᠨ ᠨᠣᠮ ᠪᠢᠴᠢᠵᠦ ᠪᠠᠢᠭ᠎ᠠ᠎ᠶᠤᠮ᠃

  ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ ᠣᠢᠷ᠎ᠠ᠎ᠶᠢᠨ ᠵᠢᠯ᠎ᠠᠴᠠ ᠨᠠᠭᠠᠱᠢ ᠮᠠᠱᠢ ᠰᠠᠢᠬᠠᠨ ᠱᠢᠯᠢᠳᠡᠭ ᠬᠡᠤᠬᠡᠳ᠎ᠦᠨ ᠨᠣᠮ᠎ᠤ᠋ᠳ᠎ᠢ ᠬᠡᠪᠯᠡᠭᠦᠯᠵᠦ ᠪᠢᠴᠢᠬᠠᠨ ᠨᠠᠢᠵᠠ᠎ᠨᠠᠷ᠎ᠲᠤ᠎ᠪᠠᠨ ᠪᠡᠯᠡᠭ ᠪᠠᠷᠢᠵᠤ ᠪᠠᠢᠭ᠎ᠠ᠎ᠶᠤᠮ᠃ ᠡᠾᠸᠢ ᠡᠤ᠎ᠶᠢᠨ ᠠᠮᠢ ᠠᠬᠤᠢ᠎ᠶᠢᠨ ᠤᠷᠠᠨ ᠵᠣᠬᠢᠶᠠᠯ᠎ᠤᠨ ᠴᠤᠪᠤᠷᠠᠯ 《ᠴᠢᠰᠤᠨ ᠤᠨᠠᠭ᠎ᠠ》᠂ 《ᠴᠢᠨ᠋ᠸ᠎ᠠ ᠪᠠᠷᠢᠭᠰᠠᠨ᠎ᠨᠢ》᠂ 《ᠬᠠᠷ᠎ᠠ ᠳᠥᠯᠦ》᠂ 《ᠴᠢᠨ᠋ᠸ᠎ᠠ᠎ᠶᠢᠨ ᠴᠢᠰᠤᠨ》᠂ 《ᠲᠠᠷᠴᠤᠭ᠎ᠤᠨ ᠲᠡᠮᠡᠭᠡ》᠂ 《ᠠᠷᠰᠯᠠᠨ ᠬᠦᠤ》᠂ 《ᠴᠠ ᠪᠤᠭᠤ᠎ᠶᠢᠨ ᠬᠦᠷᠦᠨ》᠂ 《ᠬᠣᠲᠠᠴᠢ ᠬᠠᠷ᠎ᠠ ᠪᠠ ᠬᠠᠯᠳᠠᠷ》᠂ 《ᠴᠠ ᠪᠤᠭᠤ᠎ᠶᠢᠨ ᠵᠢᠷᠭᠤᠭᠠᠨ ᠤᠯᠠᠷᠢᠯ》᠂ 《ᠵᠠᠭᠤᠳᠠᠭ ᠪᠠᠩᠬᠤᠷ》 ᠪᠠ 《ᠵᠠᠩᠭᠠᠷ᠎ᠤᠨ ᠳᠣᠮᠤᠭ》 ᠭᠡᠬᠦ ᠦᠷᠭᠦᠯᠵᠢᠯᠡᠭᠰᠡᠨ ᠺᠠᠷᠲ᠋ᠤᠨ ᠵᠢᠷᠤᠭ᠎ᠤᠨ ᠨᠣᠮ᠂ 《ᠬᠡᠤᠬᠡᠳ᠎ᠦᠨ ᠨᠢᠭᠡ ᠨᠠᠰᠤᠨ᠎ᠤ ᠬᠤᠪᠢ ᠪᠡᠶ᠎ᠡ᠎ᠶᠢᠨ ᠦᠵᠡᠯ ᠤᠬᠠᠮᠰᠠᠷ᠎ᠤᠨ ᠪᠤᠢ ᠪᠣᠯᠬᠤ᠎ᠶᠢ ᠨᠦᠯᠦᠭᠡᠯᠡᠬᠦ ᠵᠢᠷᠤᠭᠲᠤ ᠳᠡᠪᠲᠡᠷ》 ᠴᠤᠪᠤᠷᠠᠯ ᠨᠣᠮ᠂ 《ᠡᠸᠡᠩᠬᠢ᠎ᠶᠢᠨ ᠬᠠᠨᠳᠠᠭᠠᠢ》 ᠵᠡᠷᠭᠡ ᠬᠡᠤᠬᠡᠳ᠎ᠦᠨ ᠨᠣᠮ᠎ᠤ᠋ᠳ᠎ᠨᠢ ᠬᠡᠤᠬᠡᠳ᠎ᠦᠨ ᠮᠡᠳᠡᠯᠭᠡ ᠬᠠᠷᠠᠴᠠ᠎ᠪᠠᠨ ᠥᠷᠭᠡᠳᠭᠡᠬᠦ᠂ ᠠᠮᠢᠳᠤᠷᠠᠯ᠎ᠤᠨ ᠶᠣᠰᠤ ᠤᠴᠢᠷ᠂ ᠤᠯᠠᠮᠵᠢᠯᠠᠯᠲᠤ ᠵᠠᠩ ᠳᠠᠳᠭᠠᠯ᠎ᠢᠶᠠᠨ ᠣᠢᠯᠠᠭᠠᠬᠤ᠎ᠳᠤ ᠬᠠᠪᠰᠤᠷᠤᠮᠵᠢ ᠲᠤᠰᠠᠯᠠᠮᠵᠢ ᠦᠵᠡᠭᠦᠯᠬᠦ ᠪᠣᠯᠤᠨ᠎ᠠ᠃

  ᠰᠤᠷᠪᠤᠯᠵᠢᠯᠠᠭᠴᠢ᠄ ᠨᠠᠪᠴᠢ   ᠮᠥᠩᠭᠦᠨᠵᠤᠯᠠ (ᠳᠠᠳᠤᠯᠭ᠎ᠠ᠎ᠶᠢᠨ ᠰᠤᠷᠤᠭᠴᠢ)

  ᠥᠪᠦᠷ ᠮᠣᠩᠭᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠳᠡᠯᠡᠪᠡ

 

 

 

 

 

 

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604