ᠬᠡᠤᠬᠡᠳ ᠪᠦᠬᠦᠨ᠎ᠤ ᠮᠥᠷᠦᠭᠡᠳᠦᠯ᠎ᠦᠨ ᠨᠣᠮ —— 《ᠴᠢᠬᠢᠨᠳᠠᠢ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ ᠠᠮᠵᠢᠯᠲᠠ᠎ᠲᠠᠢ ᠶᠠᠪᠤᠭᠳᠠᠪᠠ
2019.10.23

 

  ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠎ᠠᠴᠠ ᠭᠣᠤᠯᠯᠠᠨ ᠡᠷᠬᠢᠯᠡᠭᠰᠡᠨ 《<ᠴᠢᠬᠢᠨᠳᠠᠢ> ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ》᠎ᠨᠢ 2019 ᠣᠨ᠎ᠤ 10 ᠰᠠᠷ᠎ᠠ᠎ᠶᠢᠨ 18᠎ᠤ ᠡᠳᠦᠷ᠎ᠦᠨ ᠦᠳᠡ᠎ᠶᠢᠨ ᠡᠮᠦᠨ᠎ᠡ᠂ ᠱᠢᠯᠢ᠎ᠶᠢᠨ ᠭᠣᠤᠯ ᠠᠵᠢᠯ ᠮᠡᠷᠭᠡᠵᠢᠯ᠎ᠦᠨ ᠳᠡᠭᠡᠲᠤ ᠰᠤᠷᠭᠠᠭᠤᠯᠢ᠎ᠳᠤ ᠠᠮᠵᠢᠯᠲᠠ᠎ᠲᠠᠢ ᠶᠠᠪᠤᠭᠳᠠᠪᠠ᠃

  ᠲᠤᠰ ᠤᠳᠠᠭᠠᠨ᠎ᠤ ᠲᠠᠷᠬᠠᠭᠠᠯᠲᠠ᠎ᠶᠢᠨ ᠶᠣᠰᠤᠯᠠᠯ᠎ᠳᠤ᠂ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠥᠪᠦᠷ ᠮᠣᠩᠭᠤᠯ᠎ᠤᠨ ᠰᠣᠨᠢᠨ ᠮᠡᠳᠡᠭᠡ ᠬᠡᠪᠯᠡᠯ᠎ᠦᠨ ᠲᠣᠪᠴᠢᠶ᠎ᠠ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠱᠢᠯᠢ᠎ᠶᠢᠨ ᠭᠣᠤᠯ ᠠᠢᠮᠠᠭ᠎ᠤᠨ ᠨᠠᠮ᠎ᠤᠨ ᠬᠣᠷᠢᠶ᠎ᠠ ᠵᠠᠰᠠᠭ᠎ᠤᠨ ᠣᠷᠳᠤᠨ᠂ ᠱᠢᠯᠢ᠎ᠶᠢᠨ ᠭᠣᠤᠯ ᠠᠢᠮᠠᠭ᠎ᠤᠨ ᠦᠨᠳᠦᠰᠦᠲᠡᠨ᠎ᠤ ᠬᠡᠷᠡᠭ ᠡᠷᠬᠢᠯᠡᠬᠦ ᠵᠥᠪᠯᠡᠯ᠂ ᠱᠢᠯᠢ᠎ᠶᠢᠨ ᠭᠣᠤᠯ ᠠᠢᠮᠠᠭ᠎ᠤᠨ ᠷᠠᠳᠢᠣ᠋ ᠲᠸᠯᠸᠢᠰ ᠲᠣᠪᠴᠢᠶ᠎ᠠ᠂ ᠱᠢᠯᠢ᠎ᠶᠢᠨ ᠭᠣᠤᠯ ᠠᠢᠮᠠᠭ᠎ᠤᠨ ᠡᠳᠦᠷ᠎ᠦᠨ ᠰᠣᠨᠢᠨ᠎ᠤ ᠬᠣᠷᠢᠶ᠎ᠠ ᠪᠣᠯᠤᠨ ᠨᠠᠢ᠍ᠮᠠᠨ ᠮᠤᠵᠢ ᠣᠷᠤᠨ᠎ᠤ ᠡᠯ᠎ᠡ ᠭᠠᠵᠠᠷ᠎ᠠᠴᠠ ᠬᠦᠷᠦᠯᠴᠡᠨ ᠢᠷᠡᠭᠰᠡᠨ ᠬᠡᠪᠯᠡᠯ᠎ᠦᠨ ᠬᠣᠷᠢᠶᠠᠨ᠎ᠤ ᠳᠠᠷᠤᠭ᠎ᠠ ᠤᠳᠤᠷᠢᠳᠤᠯᠭ᠎ᠠ᠎ᠨᠠᠷ ᠵᠢᠴᠢ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ᠎ᠶᠢᠨ ᠪᠠᠭᠱᠢ ᠰᠤᠷᠤᠭᠴᠢᠳ᠂ ᠨᠣᠮ᠎ᠳᠤ ᠬᠠᠢᠷᠠᠲᠠᠢ ᠨᠡᠢᠭᠡᠮ᠎ᠦᠨ ᠡᠯ᠎ᠡ ᠡᠳᠡᠭᠡᠳ᠎ᠦᠨ ᠬᠢᠨ ᠣᠷᠤᠯᠴᠠᠵᠠᠢ᠃

  ᠨᠣᠮ᠎ᠤᠨ ᠲᠠᠷᠬᠠᠭᠠᠯᠲᠠ᠎ᠶᠢᠨ ᠶᠣᠰᠤᠯᠠᠯ᠎ᠳᠤ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠳᠡᠳ᠋ ᠬᠣᠷᠢᠶᠠᠨ ᠳᠠᠷᠤᠭ᠎ᠠ ᠢᠪᠡᠭᠡᠯᠲᠦ ᠡᠬᠢᠯᠡᠯᠲᠡ᠎ᠶᠢᠨ ᠶᠠᠷᠢᠶ᠎ᠠ ᠲᠠᠯᠪᠢᠪᠠ᠃ ᠨᠣᠮ᠎ᠤᠨ ᠲᠠᠷᠬᠠᠭᠠᠯᠲᠠ᠎ᠶᠢᠨ ᠶᠣᠰᠤᠯᠠᠯ᠎ᠨᠢ ᠤᠷᠠᠨ ᠰᠠᠢᠬᠠᠨ᠎ᠤ ᠲᠣᠭᠯᠠᠯᠲᠠ᠂ ᠱᠢᠨ᠎ᠡ ᠨᠣᠮ᠎ᠤᠨ ᠲᠠᠨᠢᠯᠴᠠᠭᠤᠯᠭ᠎ᠠ᠂ ᠱᠢᠨ᠎ᠡ ᠨᠣᠮ᠎ᠤᠨ ᠨᠡᠭᠡᠭᠡᠯᠲᠡ᠎ᠶᠢᠨ ᠶᠣᠰᠤᠯᠠᠯ᠂ ᠨᠣᠮ ᠪᠡᠯᠭᠡᠯᠡᠬᠦ ᠦᠢᠯᠡ ᠠᠵᠢᠯᠯᠠᠭ᠎ᠠ᠂ ᠰᠤᠷᠤᠭᠴᠢᠳ᠎ᠤᠨ ᠠᠪᠢᠶᠠᠰ᠎ᠢ ᠰᠣᠷᠢᠭᠰᠠᠨ ᠰᠣᠷᠢᠯᠲᠠ ᠵᠡᠷᠭᠡ ᠤᠯᠠᠨ ᠠᠭᠤᠯᠭ᠎ᠠ᠎ᠶᠢ ᠬᠠᠮᠤᠷᠤᠭᠰᠠᠨ ᠪᠠᠢᠳᠠᠭ᠃

  ᠮᠥᠨ᠎ᠴᠤ ᠲᠤᠰ ᠤᠳᠠᠭᠠᠨ᠎ᠤ ᠦᠢᠯᠡ ᠠᠵᠢᠯᠯᠠᠭᠠᠨ᠎ᠳᠤ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ᠎ᠶᠢᠨ ᠭᠤᠷᠪᠠ᠎ᠶᠢᠨ ᠳᠥᠷᠪᠡᠳᠦᠭᠡᠷ ᠠᠩᠭᠢ᠎ᠶᠢᠨ ᠰᠤᠷᠤᠭᠴᠢᠳ᠂ ᠥᠪᠡᠷ ᠥᠪᠡᠷ᠎ᠦᠨ᠎ᠢᠶᠡᠨ ᠤᠷ᠎ᠠ ᠠᠪᠢᠶᠠᠰ᠎ᠢᠶᠠᠨ ᠭᠠᠢᠬᠠᠭᠤᠯᠵᠤ᠂ ᠱᠢᠯᠦᠭ ᠤᠩᠱᠢᠨ᠂ ᠳᠠᠭᠤᠤ ᠳᠠᠭᠤᠯᠠᠬᠤ᠎ᠶᠢᠨ ᠬᠠᠮᠲᠤ᠂ 《ᠴᠢᠬᠢᠨᠲᠠᠢ ᠺᠤᠮᠢᠺ ᠪᠦᠳᠦᠭᠡᠵᠡᠭᠡᠶ᠎ᠡ》 ᠭᠡᠬᠦ ᠨᠣᠮ᠎ᠳᠡᠬᠢ ᠴᠢᠬᠢᠨᠳᠠᠢ ᠪᠠ ᠴᠠᠭᠠᠢ᠎ᠶᠢᠨ ᠲᠦᠷᠢ᠎ᠳᠤ ᠪᠤᠳᠤᠭ ᠣᠷᠤᠭᠤᠯᠤᠨ ᠵᠢᠷᠤᠵᠤ᠂ ᠠᠬᠤᠢ ᠲᠠᠯᠠᠪᠠᠢ᠎ᠳᠡᠬᠢ ᠦᠵᠡᠭᠴᠢ ᠲᠦᠮᠡᠨ᠎ᠤ ᠰᠡᠳᠭᠢᠯ᠎ᠢ ᠪᠠᠶᠠᠰᠭᠠᠨ᠂ ᠲᠠᠷᠬᠠᠭᠠᠯᠲᠠ᠎ᠶᠢᠨ ᠶᠣᠰᠤᠯᠠᠯ᠎ᠢ ᠮᠠᠱᠢ ᠶᠡᠬᠡ ᠤᠳᠭ᠎ᠠ ᠲᠡᠭᠦᠯᠲᠡᠷ ᠪᠣᠯᠭᠠᠭᠰᠠᠨ᠎ᠶᠤᠮ᠃

  ᠡᠨᠡ ᠤᠳᠠᠭᠠᠨ᠎ᠤ ᠲᠠᠷᠬᠠᠭᠠᠯᠲᠠ᠎ᠶᠢᠨ ᠶᠣᠰᠤᠯᠠᠯ᠎ᠤᠨ ᠦᠶ᠎ᠡ᠎ᠪᠡᠷ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠎ᠠᠴᠠ ᠱᠢᠯᠢ᠎ᠶᠢᠨ ᠬᠤᠳᠠ᠎ᠶᠢᠨ ᠮᠣᠩᠭᠤᠯ ᠦᠨᠳᠦᠰᠦᠲᠡᠨ᠎ᠤ ᠪᠠᠭ᠎ᠠ ᠰᠤᠷᠭᠠᠭᠤᠯᠢ᠎ᠶᠢᠨ ᠪᠠᠭᠱᠢ ᠰᠤᠷᠤᠭᠴᠢᠳ᠎ᠲᠤ ᠬᠤᠶᠠᠷ ᠲᠦᠮᠡ ᠭᠠᠷᠤᠢ ᠲᠥᠭᠦᠷᠢᠭ᠎ᠦᠨ ᠦᠷᠳᠡᠭ ᠪᠦᠬᠦᠢ ᠨᠣᠮ ᠬᠠᠨᠳᠢᠪᠯᠠᠪᠠ᠃

  ᠡᠨᠡ᠎ᠨᠢ ᠬᠡᠤᠬᠡᠳ ᠪᠠᠭᠠᠴᠤᠳ᠎ᠤᠨ ᠨᠣᠮ ᠤᠩᠱᠢᠬᠤ ᠳᠠᠳᠭᠠᠯ᠎ᠢ ᠪᠤᠢ ᠪᠣᠯᠭᠠᠬᠤ᠂ ᠨᠣᠮ᠎ᠢ ᠬᠦᠨᠳᠦᠳᠭᠡᠬᠦ᠂ ᠨᠣᠮ᠎ᠢ ᠬᠠᠢᠷᠠᠯᠠᠬᠤ᠂ ᠨᠣᠮ ᠪᠦᠲᠦᠭᠡᠭᠴᠢᠳ᠎ᠦᠨ ᠬᠥᠳᠡᠯᠮᠦᠷᠢ᠎ᠶᠢ ᠬᠦᠨᠳᠦᠳᠭᠡᠬᠦ ᠦᠵᠡᠯ ᠤᠬᠠᠮᠰᠠᠷ᠎ᠢ᠎ᠨᠢ ᠳᠡᠭᠡᠭᠱᠢᠯᠡᠭᠦᠯᠬᠦ᠎ᠳᠤ ᠮᠠᠱᠢ ᠠᠴᠢ ᠬᠣᠯᠪᠤᠭᠳᠠᠯ᠎ᠲᠠᠢ ᠶᠠᠪᠤᠳᠠᠯ ᠪᠣᠯᠬᠤ᠎ᠶᠤᠮ᠃

 

 

 

 

ᠨᠣᠤᠷᠠᠭ ᠬᠠᠩᠭᠠᠭᠴᠢ᠄ ᠠᠯᠲᠠᠨᠵᠡᠭᠡᠰᠦ

ᠬᠢᠨᠠᠭᠴᠢ᠄ ᠨᠠᠷᠠᠨᠲᠤᠶᠠᠭ᠎ᠠ

ᠬᠦᠳᠡᠯᠭᠡᠨᠲᠦ ᠵᠢᠷᠤᠭ ᠦᠢᠯᠡᠳᠦᠭᠴᠢ᠄ ᠸᠠᠩ ᠴᠢᠤ ᠱᠢ

ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠸᠢᠴᠠᠲ ᠲᠠᠪᠴᠠᠩ᠎ᠠᠴᠠ ᠱᠢᠯᠵᠢᠭᠦᠯᠦᠨ ᠨᠡᠢᠳᠡᠯᠡᠪᠡ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604