《ᠴᠢᠬᠢᠨᠳᠡᠢ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ ᠪᠢᠴᠢᠭ᠎ᠤᠨ ᠦᠵᠡᠭᠦᠯᠭᠡ ᠳᠡᠭᠡᠷ᠎ᠡ ᠶᠠᠪᠤᠭᠳᠠᠬᠤ᠎ᠪᠡᠷ ᠪᠠᠢᠨ᠎ᠠ
2019.10.17

   《ᠴᠢᠬᠢᠨᠳᠡᠢ》 ᠴᠤᠪᠤᠷᠠᠯ ᠨᠣᠮ᠎ᠤᠨ ᠲᠠᠷᠬᠠᠭᠠᠯᠲᠠ᠎ᠶᠢᠨ ᠶᠣᠰᠤᠯᠠᠯ ᠨᠠᠢ᠍ᠮᠠᠨ ᠮᠤᠵᠢ᠎ᠣᠷᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠨᠣᠮ ᠪᠢᠴᠢᠭ᠎ᠤᠨ ᠦᠵᠡᠭᠦᠯᠭᠡ ᠳᠡᠭᠡᠷ᠎ᠡ ᠶᠠᠪᠤᠭᠳᠠᠵᠤ᠎ᠲᠠ ᠪᠦᠬᠦᠨ᠎ᠲᠠᠢ᠎ᠪᠡᠨ ᠵᠤᠯᠭᠠᠬᠤ᠎ᠪᠡᠷ ᠪᠠᠢᠨ᠎ᠠ᠃

 

  ᠦᠪᠦᠷ ᠮᠤᠩᠭᠤᠯ᠎ᠤᠨ ᠰᠤᠷᠭᠠᠨ ᠬᠦᠮᠦᠵᠢᠯ᠎ᠦᠨ ᠬᠡᠪᠯᠡᠯ᠎ᠦᠨ ᠬᠤᠷᠢᠶᠠᠨ᠎ᠡᠴᠡ ᠬᠡᠪᠯᠡᠬᠦᠯᠦᠨ ᠲᠠᠷᠬᠠᠭᠠᠵᠤ ᠪᠠᠢᠭ᠎ᠠ ᠡᠨᠡ᠎ᠬᠦ ᠴᠤᠪᠤᠷᠠᠯ ᠨᠤᠮ᠎ᠳᠤ 《ᠴᠢᠬᠢᠨᠳᠡᠢ ᠴᠤᠪᠤᠷᠠᠯ》᠂ 《ᠴᠢᠬᠢᠨᠳᠡᠢ ᠺᠤᠮᠢᠺ ᠪᠦᠳᠤᠭᠡᠵᠡᠭᠡᠶ᠎ᠡ》᠂ 《ᠴᠠᠭᠠᠢ᠎ᠵᠢᠨ ᠨᠠᠢᠵᠠ᠎ᠨᠤᠭᠤᠳ》 ᠭᠡᠬᠦ 3 ᠢᠵᠢ᠂ 25 ᠨᠤᠮ ᠪᠠᠭᠳᠠᠵᠤ ᠪᠤᠢ᠃

   《ᠴᠢᠬᠢᠨᠳᠡᠢ ᠴᠤᠪᠤᠷᠠᠯ》᠎ᠦᠨ ᠠᠷᠪᠠᠨ ᠨᠤᠮ᠎ᠨᠢ ᠮᠤᠩᠭᠤᠯ ᠨᠤᠮ ᠪᠢᠴᠢᠭ᠎ᠦᠨ ᠲᠡᠤᠬᠡᠨ᠎ᠳᠠᠬᠢ ᠱᠢᠨ᠎ᠡ ᠡᠷᠢᠯᠬᠢᠯᠡᠯ ᠪᠤᠯᠬᠤ ᠮᠦᠷᠳᠡᠬᠡᠨ ᠴᠠᠭ ᠦᠶ᠎ᠡ᠎ᠵᠢᠨ ᠱᠠᠭᠠᠷᠳᠠᠯᠭ᠎ᠠ ᠪᠠ ᠤᠩᠱᠢᠭᠴᠢᠳ᠎ᠦᠨ ᠬᠡᠷᠡᠭᠴᠡᠭᠡ᠎ᠲᠠᠢ ᠶᠠᠪ ᠴᠠᠪ ᠳᠤᠬᠢᠷᠠᠵᠤ ᠪᠠᠢᠭ᠎ᠠ ᠶᠠᠪᠤᠳᠠᠯ᠎ᠪᠡᠷ ᠠᠭᠤᠯᠭ᠎ᠠ ᠪᠣᠯᠭᠠᠵᠤ᠂ ᠤᠩᠱᠢᠬᠤ᠂ ᠰᠤᠨᠤᠰᠭᠤ᠎ᠪᠡᠷ ᠲᠠᠮᠵᠢᠨ ᠮᠤᠩᠭᠤᠯᠴᠤᠳ᠎ᠦᠨ ᠡᠷᠬᠢᠮᠯᠡᠬᠦ ᠶᠤᠰᠤᠨ᠂ ᠱᠢᠨᠵᠢᠬᠦ ᠶᠤᠰᠤᠨ᠂ ᠮᠡᠨᠳᠤᠯᠡᠬᠦ ᠬᠦᠨᠳᠤᠯᠡᠬᠦ ᠲᠠᠯᠠᠷᠬᠠᠬᠤ ᠶᠤᠰᠤᠨ᠂ ᠬᠤᠱᠢᠶ᠎ᠡ ᠦᠭᠡ᠂ ᠴᠡᠭᠡᠷ ᠶᠤᠰᠤᠨ᠂ ᠪᠡᠯᠭᠡᠳᠡᠯ ᠶᠤᠰᠤᠨ᠂ ᠬᠡᠤᠬᠡᠳ ᠬᠦᠮᠤᠵᠢᠬᠦᠯᠬᠦ ᠶᠤᠰᠤᠨ᠂ ᠴᠡᠭᠡᠷᠯᠡᠬᠦ ᠶᠤᠰᠤᠨ᠂ ᠰᠤᠷᠭᠠᠯ ᠦᠭᠡ᠂ ᠬᠡᠯᠡ ᠵᠦᠭᠱᠢᠷᠡᠭᠦᠯᠬᠦ ᠦᠭᠡ ᠵᠡᠷᠭᠡ᠎ᠶᠢ ᠬᠡᠦᠬᠡᠳ᠎ᠲᠦ ᠲᠠᠨᠢᠯᠴᠠᠭᠤᠯᠤᠭᠰᠠᠨ ᠨᠣᠮ᠎ᠶᠤᠮ᠃  ᠲᠤᠰ ᠴᠤᠪᠤᠷᠠᠯ ᠨᠣᠮ᠎ᠢ ᠤᠷᠢᠳ ᠵᠢᠡᠷ ᠨᠤᠮ᠎ᠦᠨ ᠬᠠᠪᠴᠢᠭᠤᠷᠭ᠎ᠠ᠎ᠳᠠᠬᠢ QR ᠺᠤᠳ᠋᠎ᠢ ᠱᠢᠷᠪᠢᠵᠤ᠂ ᠲᠠᠷᠠᠭ᠎ᠠ᠎ᠨᠢ ᠬᠡᠪᠯᠡᠯ᠎ᠦᠨ ᠡᠷᠬᠡ᠎ᠵᠢᠨ QR ᠺᠤᠳ᠋᠎ᠢ ᠱᠢᠷᠪᠢᠪᠡᠯ ᠰᠤᠨᠤᠰᠴᠤ ᠪᠣᠯᠤᠨ᠎ᠠ᠃

   《ᠴᠢᠬᠢᠨᠳᠡᠢ ᠺᠤᠮᠢᠺ ᠪᠦᠳᠤᠭᠡᠵᠡᠭᠡᠶ᠎ᠠ》᠎ᠵᠢᠨ ᠠᠷᠪᠠᠨ ᠨᠤᠮ᠎ᠨᠢ ᠬᠦᠴᠤᠳᠡᠢ ᠭᠡᠨᠡᠨ ᠴᠢᠬᠢᠨᠳᠡᠢ ᠪᠤᠳᠤᠭᠤ ᠪᠠ ᠤᠬᠠᠭᠠᠯᠢᠭ ᠰᠡᠷᠭᠦᠯᠡᠩ ᠴᠠᠭᠠᠢ ᠦᠬᠢᠨ ᠬᠤᠶᠠᠷ᠎ᠪᠡᠷ ᠭᠣᠤᠯ ᠳᠦᠷᠢ ᠪᠣᠯᠭᠠᠵᠤ ᠪᠤᠳᠤᠭ ᠤᠷᠤᠭᠤᠯᠬᠤ᠎ᠪᠡᠷ ᠲᠠᠮᠵᠢᠨ ᠬᠡᠦᠬᠡᠳ᠎ᠦᠨ ᠰᠤᠨᠤᠰᠭᠤ᠂ ᠤᠢᠯᠠᠭᠠᠬᠤ᠂ ᠵᠢᠷᠤᠬᠤ᠂ ᠲᠠᠨᠢᠬᠤ ᠴᠢᠳᠠᠪᠤᠷᠢ᠎ᠶᠢ ᠲᠡᠬᠡᠭᠱᠢᠯᠡᠬᠦ ᠪᠤᠳᠤᠭ ᠪᠣᠳᠤᠳᠠᠭ ᠨᠣᠮ᠎ᠶᠤᠮ᠃

   《ᠴᠠᠭᠠᠢ᠎ᠶᠢᠨ ᠨᠠᠢᠵᠠ᠎ᠨᠤᠭᠤᠳ》 ᠭᠡᠬᠦ ᠴᠤᠪᠤᠷᠠᠯ᠎ᠳᠦ ᠨᠡᠢᠳᠡ ᠲᠠᠪᠤᠨ ᠨᠣᠮ᠎ᠲᠠᠢ᠃ ᠡᠨᠡ᠎ᠬᠦ ᠲᠠᠪᠤᠨ ᠨᠤᠮ᠎ᠶᠢᠨ ᠣᠨᠴᠠᠯᠢᠭ ᠭᠡᠪᠠᠯ ᠢᠱᠢᠭᠡ᠂ ᠬᠤᠷᠠᠭ᠎ᠠ᠂ ᠤᠨᠠᠭ᠎ᠠ᠂ ᠪᠤᠳᠤᠭᠤ᠂ ᠲᠤᠭᠤᠯ ᠬᠡᠮᠡᠨ ᠨᠡᠷᠡᠢᠳᠴᠤ᠂ ᠬᠡᠤᠬᠡᠳ ᠪᠠᠭᠠᠴᠤᠳ᠎ᠲᠤ ᠲᠠᠪᠤᠨ ᠬᠤᠱᠢᠭᠤ ᠮᠠᠯ᠎ᠤᠨ ᠵᠠᠩ ᠠᠷᠠᠨᠱᠢᠨ᠂ ᠪᠠᠢᠳᠠᠯ ᠲᠦᠷᠬᠦ ᠵᠡᠷᠭᠡ᠎ᠶᠢ᠎ᠨᠢ ᠱᠢᠯᠦᠭ᠎ᠦᠨ ᠬᠡᠯᠪᠡᠷᠢ᠎ᠪᠡᠷ ᠲᠠᠨᠢᠯᠴᠠᠭᠤᠯᠤᠭᠰᠠᠨ᠎ᠶᠤᠮ᠃

 

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604