《ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠬᠤ》 ᠱᠢᠷᠢᠰ ᠨᠣᠮ ᠭᠣᠤᠯ ᠰᠠᠳᠤᠪᠲᠦ ᠳᠠᠭᠤᠤ ᠬᠥᠭᠵᠢᠮ ᠪᠥᠵᠢᠭ᠎ᠦᠨ ᠡᠮᠬᠢᠳᠭᠡᠯ ᠵᠢᠴᠢ ᠤᠷᠠᠯᠢᠭ᠎ᠤᠨ ᠢᠯᠡ ᠵᠠᠬᠢᠳᠠᠯ᠎ᠢ ᠠᠩᠬ᠎ᠠ ᠲᠠᠷᠬᠠᠭᠠᠪᠠ
2019.08.20

      8 ᠰᠠᠷ᠎ᠠ᠎ᠶᠢᠨ 19᠎ᠤ ᠡᠳᠦᠷᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠬᠤᠱᠢᠷᠢᠰ ᠨᠣᠮ᠂ ᠭᠣᠤᠯ ᠰᠡᠳᠦᠪᠲᠦ ᠳᠠᠭᠤᠤ ᠭᠦᠭᠵᠢᠮ ᠪᠥᠵᠢᠭ᠎ᠦᠨ ᠡᠮᠬᠢᠳᠭᠡᠯ ᠵᠢᠴᠢ ᠤᠷᠠᠯᠢᠭ᠎ᠤᠨ ᠢᠯᠡ ᠵᠠᠬᠢᠳᠠᠯ᠎ᠤᠨ ᠠᠩᠬ᠎ᠠ ᠲᠠᠷᠬᠠᠭᠠᠬᠤ ᠶᠣᠰᠤᠯᠠᠯ ᠥᠪᠤᠷ ᠮᠣᠩᠭᠤᠯ᠎ᠤᠨ ᠱᠢᠩᠬᠤᠸᠠ ᠨᠣᠮ᠎ᠤᠨ ᠳᠡᠯᠭᠡᠭᠦᠷ᠎ᠲᠦ ᠶᠠᠪᠤᠭᠳᠠᠪᠠ᠃

      ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠤᠨ᠂ ᠥᠪᠡᠷᠳᠡᠭᠡᠨ ᠵᠠᠰᠠᠬᠤ ᠣᠷᠤᠨ᠎ᠤ ᠠᠳᠤᠭᠤᠨ᠎ᠤ ᠦᠢᠯᠠᠰ᠎ᠤᠨ ᠤᠯᠠᠮᠵᠢᠯᠠᠯ ᠬᠢᠭᠡᠳ ᠡᠬᠢ ᠪᠠᠶᠠᠯᠢᠭ᠎ᠤᠨ ᠳᠠᠪᠠᠭᠤᠯᠢᠭ᠎ᠢ ᠬᠦᠢᠴᠡᠳ ᠠᠱᠢᠭᠯᠠᠵᠤ᠂ ᠪᠠᠲᠦ ᠪᠡᠬᠢ ᠰᠣᠶᠤᠯ᠎ᠤᠨ ᠰᠠᠭᠤᠷᠢ ᠬᠢᠭᠡᠳ ᠣᠶᠤᠨ ᠰᠠᠨᠠᠭᠠᠨ᠎ᠤ ᠲᠤᠯᠭᠠᠭᠤᠷᠢᠯᠠᠯ ᠲᠠᠯᠪᠢᠬᠤ᠎ᠶᠢᠨ ᠲᠥᠯᠦᠭᠡ᠂ ᠡᠨᠡ ᠵᠢᠯ᠎ᠦᠨ 4 ᠰᠠᠷ᠎ᠠ᠎ᠡᠴᠡ ᠡᠬᠢᠯᠡᠨ ᠥᠪᠡᠷᠳᠡᠭᠡᠨ ᠵᠠᠰᠠᠬᠤ ᠣᠷᠤᠨ᠎ᠤ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠡᠴᠡ ᠥᠪᠤᠷ ᠮᠣᠩᠭᠤᠯ᠎ᠤᠨ ᠬᠡᠪᠯᠡᠯ᠎ᠦᠨ ᠪᠦᠯᠦᠭᠯᠡᠯ᠂ ᠥᠪᠤᠷ ᠮᠣᠩᠭᠤᠯ᠎ᠤᠨ ᠺᠢᠨᠤ᠋᠎ᠶᠢᠨ ᠪᠦᠯᠦᠭᠯᠡᠯ᠂ ᠳᠤᠮᠳᠠᠳᠦ ᠤᠯᠤᠰ᠎ᠤᠨ ᠱᠢᠤᠳᠠᠨ᠎ᠤ ᠶᠠᠪᠤᠳᠠᠯ᠎ᠤᠨ ᠥᠪᠤᠷ ᠮᠣᠩᠭᠤᠯ᠎ᠤᠨ ᠬᠤᠪᠢᠶᠠᠷᠢ ᠺᠣᠮᠫᠠᠨᠢ᠎ᠶᠢ ᠵᠣᠬᠢᠶᠠᠨ ᠪᠠᠢᠭᠤᠯᠵᠤ᠂ ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠬᠤ ᠱᠢᠷᠢᠰ ᠨᠣᠮ᠂ ᠭᠣᠤᠯ ᠰᠡᠳᠦᠪᠲᠦ ᠳᠠᠭᠤᠤ ᠬᠥᠭᠵᠢᠮ ᠪᠥᠵᠢᠭ᠎ᠦᠨ ᠡᠮᠬᠢᠳᠭᠡᠯ ᠵᠢᠴᠢ ᠤᠷᠠᠯᠢᠭ᠎ᠤᠨ ᠢᠯᠡ ᠵᠠᠬᠢᠳᠠᠯ᠎ᠢ ᠬᠡᠪᠯᠡᠨ ᠲᠠᠷᠬᠠᠭᠠᠬᠤ ᠠᠵᠢᠯ᠎ᠤᠨ ᠲᠤᠬᠠᠢ ᠲᠥᠯᠦᠪᠯᠡᠭᠡ ᠬᠢᠵᠤ᠂ 4 ᠰᠠᠷ᠎ᠠ᠎ᠶᠢᠨ ᠬᠤᠭᠤᠴᠠᠭ᠎ᠠ᠎ᠪᠠᠷ ᠳᠠᠮᠵᠢᠨ ᠲᠤᠰ ᠱᠢᠷᠢᠰ ᠪᠦᠳᠦᠭᠡᠯ᠎ᠨᠢ ᠦᠵᠡᠭᠴᠢᠳ᠎ᠲᠠᠢ ᠵᠣᠯᠭᠠᠭᠰᠠᠨ ᠪᠠᠢᠨ᠎ᠠ᠃

    《ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠬᠤᠱᠢᠷᠢᠰ ᠪᠦᠲᠦᠭᠡᠯ᠎ᠳᠤ ᠥᠪᠤᠷ ᠮᠣᠩᠭᠤᠯ᠎ᠤᠨ ᠠᠷᠠᠳ᠎ᠤᠨ ᠬᠡᠪᠯᠡᠯ᠎ᠦᠨ ᠬᠣᠷᠢᠶ᠎ᠠ᠂ ᠥᠪᠤᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶ᠎ᠠ᠂ ᠥᠪᠤᠷ ᠮᠣᠩᠭᠤᠯ᠎ᠤᠨ ᠠᠯᠤᠰ᠎ᠤᠨ᠎ᠪᠠᠷ᠎ᠠ ᠬᠡᠪᠯᠡᠯ᠎ᠦᠨ ᠬᠣᠷᠢᠶ᠎ᠠ᠎ᠡᠴᠡ ᠬᠡᠪᠯᠡᠭᠦᠯᠦᠭᠰᠡᠨᠠᠳᠤᠭᠤᠨ ᠰᠣᠶᠤᠯ ᠬᠢᠭᠡᠳ ᠠᠳᠤᠭᠤᠨ᠎ᠤ ᠠᠵᠤ ᠦᠢᠯᠠᠰ᠎ᠤᠨ ᠰᠤᠳᠤᠯᠭᠠᠨ᠎ᠤ ᠴᠤᠪᠤᠷᠠᠯ ᠪᠢᠴᠢᠭ (6 ᠲᠡᠪᠳᠡᠷ) ᠠᠳᠤᠭᠤᠨ ᠰᠣᠶᠤᠯ ᠬᠢᠭᠡᠳ ᠠᠳᠤᠭᠤᠨ᠎ᠤ ᠠᠵᠤ ᠦᠢᠯᠠᠰ᠎ᠤᠨ ᠰᠤᠳᠤᠯᠭᠠᠨ᠎ᠤ ᠴᠤᠪᠤᠷᠠᠯ ᠪᠢᠴᠢᠭ ( ᠵᠢᠵᠢᠭ ᠲᠡᠪᠳᠡᠷ᠂ 6 ᠳᠡᠪᠲᠡᠷ) ᠳᠤᠮᠳᠠᠳᠦ᠎ᠶᠢᠨ ᠠᠳᠤᠭᠤᠨ ᠰᠣᠶᠤᠯ᠎ᠤᠨ ᠱᠢᠷᠢᠰ ᠴᠤᠪᠤᠷᠠᠯ ᠪᠢᠴᠢᠭ (6 ᠳᠡᠪᠲᠡᠷ) ᠳᠤᠮᠳᠠᠳᠦ ᠤᠯᠤᠰ᠎ᠤᠨ ᠠᠳᠤᠭᠤᠨ ᠰᠣᠶᠤᠯ᠎ᠤᠨ ᠬᠥᠬᠡ ᠭᠠᠳᠠᠷᠲᠦ ᠪᠢᠴᠢᠭᠮᠣᠩᠭᠤᠯ ᠠᠳᠤᠭᠤ ᠬᠢᠭᠡᠳ ᠲᠠᠯ᠎ᠠ ᠨᠤᠳᠤᠭ᠎ᠤᠨ ᠰᠣᠶᠤᠯᠥᠪᠤᠷ ᠮᠣᠩᠭᠤᠯ᠎ᠤᠨ ᠱᠢᠯᠢᠳᠡᠭ ᠦᠯᠢᠭᠡᠷᠮᠣᠷᠢᠨ ᠨᠢᠷᠤᠭᠤᠨ ᠳᠡᠭᠡᠷᠡᠬᠢ ᠦᠨᠳᠦᠰᠦᠳᠡᠨᠰᠠᠬᠢᠭᠤᠯᠰᠤᠨ ᠬᠦᠯᠦᠭ ᠵᠡᠷᠭᠡ 27 ᠲᠥᠷᠦᠯ᠎ᠦᠨ ᠨᠣᠮ ᠪᠢᠴᠢᠭ ᠬᠢᠭᠡᠳ ᠮᠣᠷᠢ᠎ᠪᠠᠷ ᠰᠠᠳᠤᠪᠯᠡᠭᠰᠡᠨ ᠤᠷᠠᠯᠢᠭ᠎ᠤᠨ ᠢᠯᠡ ᠵᠠᠬᠢᠳᠠᠯ᠂ ᠲᠦᠮᠡᠨ ᠠᠭᠳᠠ᠎ᠶᠢᠨ ᠲᠦᠪᠡᠷᠭᠡᠨ ——­­ ᠮᠣᠩᠭᠤᠯ ᠮᠣᠷᠢᠨ᠎ᠤ ᠭᠣᠤᠯ ᠰᠡᠳᠦᠪᠲᠦ ᠳᠠᠭᠤᠤ᠂ ᠬᠥᠭᠵᠢᠮ᠂ ᠪᠥᠵᠢᠭ᠎ᠦᠨ ᠴᠣᠮᠤᠭᠵᠡᠷᠭᠡ᠎ᠶᠢ ᠪᠠᠭᠳᠠᠭᠠᠭᠰᠠᠨ ᠪᠠᠢᠨ᠎ᠠ᠃

      ᠡᠳᠡᠭᠡᠷ ᠨᠣᠮ ᠪᠢᠴᠢᠭ᠎ᠨᠢ ᠤᠯᠤᠰ᠎ᠤᠨ ᠳᠤᠳᠤᠭᠠᠳᠤᠬᠢ ᠠᠩᠬᠠᠳᠠᠭᠴᠢ ᠠᠳᠤᠭᠤᠨ᠎ᠤ ᠰᠤᠳᠤᠯᠤᠯ᠂ ᠠᠳᠤᠭᠤᠨ᠎ᠤ ᠠᠵᠤ ᠦᠢᠯᠠᠰ ᠬᠢᠭᠡᠳ ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠱᠢᠰᠲᠧᠮ᠎ᠲᠠᠢ ᠰᠤᠳᠤᠯᠤᠨ ᠲᠠᠢᠯᠪᠤᠷᠢᠯᠠᠭᠰᠠᠨ ᠴᠤᠪᠤᠷᠠᠯ ᠪᠢᠴᠢᠭ ᠪᠠᠢᠵᠤ᠂ ᠠᠳᠤᠭᠤᠨ᠎ᠤ ᠰᠤᠳᠤᠯᠤᠯ᠎ᠤᠨ ᠬᠦᠷᠢᠶᠡᠨ᠎ᠳᠡᠬᠢ ᠬᠣᠭᠤᠰᠤᠨ᠎ᠢ ᠨᠦᠬᠦᠪᠦᠷᠢᠯᠠᠪᠠ᠃ ᠠᠳᠤᠭᠤᠨ ᠰᠣᠶᠤᠯᠱᠢᠷᠢᠰ ᠨᠣᠮ ᠪᠢᠴᠢᠭ᠎ᠤᠨ ᠬᠡᠪᠯᠡᠭᠳᠡᠭᠰᠡᠨ᠎ᠨᠢ ᠮᠠᠨ᠎ᠤ ᠣᠷᠤᠨ᠎ᠤ ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠱᠢᠨᠵᠢᠯᠡᠨ ᠰᠤᠳᠤᠯᠤᠭᠰᠠᠨ ᠪᠤᠳᠠᠳᠠᠢ ᠦᠷ᠎ᠠ ᠪᠦᠳᠦᠭᠡᠯ ᠪᠠᠢᠵᠤ᠂ ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠤᠨ ᠬᠥᠭᠵᠢᠭᠦᠯᠬᠦ᠎ᠳᠦ ᠣᠨᠤᠯ᠎ᠤᠨ ᠪᠠ ᠪᠤᠳᠠᠳᠦ ᠪᠠᠷᠢᠮᠳᠠ ᠬᠠᠩᠭᠠᠭᠰᠠᠨ ᠪᠠᠢᠨ᠎ᠠ᠃

 

 

 

                                                             ᠥᠪᠤᠷ ᠮᠣᠩᠭᠤᠯ᠎ᠤᠨ ᠡᠳᠦᠷ᠎ᠦᠨ ᠰᠣᠨᠢᠨ᠎ᠡᠴᠡ ᠱᠢᠯᠵᠢᠭᠦᠯᠦᠨ ᠨᠡᠢᠲᠡᠯᠡᠪᠡ

                                                             ᠰᠤᠷᠪᠤᠯᠵᠢᠯᠠᠭᠴᠢ ᠨᠠᠢᠷᠠᠭᠤᠯᠤᠭᠴᠢ᠄ ᠪᠤᠤ ᠰᠠᠷᠠᠭᠤᠯ (ᠥᠪᠤᠷ ᠮᠣᠩᠭᠤᠯ᠎ᠤᠨ ᠡᠳᠦᠷ᠎ᠦᠨ ᠰᠣᠨᠢᠨ)

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604