ᠮᠣᠩᠭᠤᠯ ᠤᠯᠠᠮᠵᠢᠯᠠᠯᠲᠤ ᠡᠳ ᠥᠯᠦᠭ᠎ᠢ ᠪᠠᠢᠭᠠᠯᠢ᠎ᠶᠢᠨ ᠱᠢᠨᠵᠢᠯᠡᠬᠦ ᠤᠬᠠᠭᠠᠨ᠎ᠢᠶᠠᠷ ᠰᠤᠳᠤᠯᠤᠭᠰᠠᠨ ᠳᠪᠢᠯᠢᠭ ᠪᠦᠲᠦᠭᠡᠯ
2019.08.20

  ᠮᠣᠩᠭᠤᠯ ᠰᠣᠶᠤᠯ᠎ᠤᠨ ᠡᠳ ᠥᠯᠦᠭ᠎ᠢ ᠥᠪᠯᠡᠨ ᠬᠠᠳᠠᠭᠠᠯᠠᠳᠠᠭ ᠬᠥᠮᠦᠨ ᠤᠯᠠᠨ᠂ ᠨᠡᠢᠭᠡᠮ᠎ᠦᠨ ᠱᠢᠨᠵᠢᠯᠡᠬᠦ ᠤᠬᠠᠭᠠᠨ᠎ᠤ ᠲᠠᠯ᠎ᠠ᠎ᠠᠴᠠ ᠱᠢᠨᠵᠢᠯᠡᠳᠡᠭ ᠡᠷᠲᠡᠮᠲᠡᠨ ᠰᠤᠳᠤᠯᠭᠠᠲᠠᠨ᠎ᠴᠤ ᠤᠯᠠᠨ ᠪᠤᠢ᠃ ᠬᠠᠷᠢᠨ ᠲᠡᠭᠦᠨ᠎ᠳᠤ ᠨᠢᠭᠤᠭᠳᠠᠵᠤ ᠪᠠᠢᠭ᠎ᠠ ᠡᠴᠢᠨ᠎ᠡ ᠳᠠᠯᠳᠠ᠎ᠶᠢᠨ ᠤᠬᠠᠭᠠᠨ᠎ᠢ ᠪᠠᠢᠭᠠᠯᠢ᠎ᠶᠢᠨ ᠱᠢᠨᠵᠢᠯᠡᠬᠦ ᠤᠬᠠᠭᠠᠨ᠎ᠤ ᠲᠠᠯ᠎ᠠ᠎ᠠᠴᠠ ᠱᠢᠨᠵᠢᠯᠡᠨ ᠰᠤᠳᠤᠯᠤᠭᠰᠠᠨ ᠪᠦᠲᠦᠭᠡᠯ ᠬᠠᠷᠠᠬᠠᠨ ᠣᠯᠳᠠᠭ᠎ᠠ᠎ᠦᠭᠡᠢ ᠪᠠᠢᠭᠰᠠᠨ ᠪᠤᠯ ᠥᠨᠦᠳᠦᠷᠮᠣᠩᠭᠤᠯ ᠦᠨᠳᠦᠰᠦᠲᠡᠨ᠎ᠤ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ᠎ᠤ ᠤᠬᠠᠭᠠᠨᠨᠣᠮ᠎ᠨᠢ ᠤᠯᠠᠮᠵᠢᠯᠠᠯᠲᠤ ᠡᠳ᠋ᠯᠡᠯ ᠬᠡᠷᠡᠭᠰᠡᠯ᠎ᠢ ᠪᠠᠢᠭᠠᠯᠢ᠎ᠶᠢᠨ ᠱᠢᠨᠵᠢᠯᠡᠬᠦ ᠤᠬᠠᠭᠠᠨ᠎ᠤ ᠲᠠᠯ᠎ᠠ᠎ᠠᠴᠠ ᠱᠢᠨᠵᠢᠨ ᠰᠤᠳᠤᠯᠬᠤ ᠬᠦᠷᠢᠶ᠎ᠠ ᠴᠠᠷᠠᠭ᠎ᠠ᠎ᠶᠢᠨ ᠬᠣᠭᠤᠰᠤᠨ᠎ᠢ ᠨᠦᠬᠦᠪᠦᠷᠢᠯᠡᠵᠤ᠂ ᠤᠩᠱᠢᠭᠴᠢ᠎ᠶᠢᠨ ᠠᠯᠠᠭᠠᠨ᠎ᠳᠤ ᠳᠡᠯᠭᠡᠭᠳᠡᠯ᠎ᠡ᠃

  ᠣᠷᠴᠢᠮᠬᠠᠨ ᠤᠷᠠᠨ ᠵᠣᠬᠢᠶᠠᠯᠴᠢ ᠪ᠊··ᠬᠦᠭᠵᠢᠯᠲᠤ᠂ ᠵᠣᠷᠢᠭᠲᠤ ᠬᠤᠶᠠᠷ᠎ᠤᠨ ᠬᠤᠪᠢ ᠬᠥᠮᠦᠨ᠎ᠤ ᠬᠠᠳᠠᠭᠠᠯᠠᠮᠵᠢ᠎ᠳᠤ ᠪᠠᠢᠭ᠎ᠠ ᠵᠠᠭᠤ ᠢᠯᠡᠭᠦᠤ ᠵᠦᠢᠯ᠂ ᠮᠢᠩᠭ᠎ᠠ ᠭᠠᠷᠤᠢ ᠱᠢᠷᠬᠡᠭ ᠡᠳ ᠥᠯᠦᠭ᠎ᠢᠶᠡᠷ᠎ᠢᠶᠡᠨ ᠵᠢᠱ᠌ᠢᠶ᠎ᠡ ᠪᠣᠯᠭᠠᠵᠤ᠂ ᠮᠣᠩᠭᠤᠯ ᠬᠢᠲᠠᠳ ᠲᠠᠢᠯᠤᠮᠵᠢ᠂ ᠵᠢᠷᠤᠭ ᠬᠠᠪᠰᠤᠷᠭᠠᠭᠰᠠᠨᠮᠣᠩᠭᠤᠯ ᠦᠨᠳᠦᠰᠦᠲᠡᠨ᠎ᠤ ᠤᠯᠠᠮᠵᠢᠯᠠᠯᠲᠤ ᠡᠳ᠋ᠯᠡᠯ ᠬᠡᠷᠡᠭᠰᠡᠯ ᠵᠢᠴᠢ ᠲᠡᠭᠦᠨ᠎ᠤ ᠤᠬᠠᠭᠠᠨᠬᠡᠳᠡᠭ ᠨᠣᠮ᠎ᠢ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠣᠷᠢᠶ᠎ᠠ᠎ᠠᠴᠠ ᠬᠡᠪᠯᠡᠬᠦᠯᠵᠤ ᠲᠠᠷᠬᠠᠭᠠᠯ᠎ᠠ᠃

  ᠮᠣᠩᠭᠤᠯᠴᠤᠳ᠎ᠤᠨ ᠣᠳᠤᠬᠢ ᠠᠮᠢᠳᠤᠷᠠᠯ᠎ᠠᠴᠠ ᠠᠭᠠᠵᠢᠮ᠎ᠢᠶᠠᠷ ᠵᠠᠢᠳᠠᠵᠤ ᠪᠠᠢᠭ᠎ᠠ ᠦᠨᠳᠦᠰᠦᠲᠡᠨ᠎ᠤ ᠤᠯᠠᠮᠵᠢᠯᠠᠯᠲᠤ ᠡᠳ ᠥᠯᠦᠭ᠎ᠲᠤ ᠨᠡᠭᠦᠳᠡᠯ ᠰᠣᠶᠤᠯ᠎ᠤᠨ ᠤᠷ᠎ᠠ ᠤᠬᠠᠭᠠᠨ᠎ᠤ ᠣᠬᠢ ᠲᠠᠯᠠᠰᠲᠤ ᠬᠠᠳᠠᠭᠠᠯᠠᠭᠳᠠᠵᠤ ᠪᠤᠢ ᠭᠡᠳᠡᠭ᠎ᠢ ᠪᠢᠳᠡ ᠲᠤᠰ ᠨᠣᠮ᠎ᠠᠴᠠ ᠬᠠᠷᠠᠵᠤ ᠪᠣᠯᠬᠤ᠎ᠶᠤᠮ᠃ ᠵᠢᠱ᠌ᠢᠶᠡᠯᠡᠪᠡᠯ᠂ ᠡᠭᠡᠳᠡᠨ ᠭᠤᠲᠤᠯ᠎ᠢ ᠲᠤᠰ ᠨᠣᠮ᠎ᠳᠤ ᠬᠥᠱᠢᠭᠦᠷᠭᠡ᠎ᠶᠢᠨ ᠤᠬᠠᠭᠠᠨ᠂ ᠮᠠᠲᠧᠷᠢᠶᠠᠯ᠎ᠤᠨ ᠤᠬᠠᠭᠠᠨ᠂ ᠬᠥᠳᠡᠯᠭᠡᠭᠡᠨ᠎ᠤ ᠤᠬᠠᠭᠠᠨ᠂ ᠬᠡᠷᠡᠭᠯᠡᠭᠡᠨ᠎ᠤ ᠤᠬᠠᠭᠠᠨ ᠵᠡᠷᠭᠡ ᠬᠡᠳᠤᠨ ᠲᠠᠯ᠎ᠠ᠎ᠠᠴᠠ ᠣᠨᠤᠯᠵᠢᠭᠤᠯᠤᠨ ᠨᠤᠳᠠᠯᠠᠬᠤ᠎ᠳᠤ ᠮᠣᠩᠭᠤᠯ ᠭᠤᠲᠤᠯ᠎ᠨᠢ ᠤᠩᠱᠢᠭᠴᠢ᠎ᠶᠢᠨ ᠲᠤᠩᠭᠠᠯᠠᠭ ᠮᠡᠯᠮᠡᠢ᠎ᠳᠤᠤᠬᠠᠭᠠᠨ᠎ᠲᠠᠢ ᠤᠴᠢᠷ᠎ᠲᠠᠢᠲᠠᠩᠰᠤᠭ ᠡᠮᠦᠰᠭᠡᠯ᠎ᠦᠨ ᠳᠡᠭᠡᠲᠤ ᠪᠠᠢᠭ᠎ᠠ᠎ᠪᠠᠨ ᠭᠠᠢᠬᠠᠭᠤᠯᠳᠠᠭ᠃ ᠮᠣᠳᠤᠨ ᠱᠢᠨᠠᠭ᠎ᠠ ᠠᠮᠤᠰᠤ᠎ᠳᠤ᠎ᠪᠠᠨ ᠮᠠᠭᠤᠭᠡᠵᠤ ᠭᠣᠯᠤᠭᠳᠠᠳᠠᠭ ᠶᠣᠵᠤ᠎ᠦᠭᠡᠢ ᠮᠣᠳᠤᠨ ᠱᠢᠨᠠᠭ᠎ᠠ᠎ᠴᠤ ᠤᠬᠠᠭᠠᠨ ᠪᠠ ᠬᠡᠷᠡᠭᠴᠡᠭᠡ᠎ᠪᠠᠷ᠎ᠢᠶᠠᠨ ᠬᠥᠮᠦᠰ᠎ᠲᠤ ᠪᠠᠬᠠᠷᠬᠠᠭᠳᠠᠳᠠᠭ᠃ ᠮᠤᠷᠤᠢ ᠦᠵᠦᠭᠦᠷ᠎ᠲᠠᠢ ᠲᠣᠬᠤᠢ ᠢᠯᠡᠬᠦᠤ ᠤᠷᠲᠤ ᠮᠣᠳᠤ ᠪᠠ ᠱᠠᠭᠠᠭᠲᠤ ᠴᠢᠨᠡᠭᠡ ᠲᠡᠮᠦᠷᠯᠢᠭ ᠳᠡᠭᠦᠵᠢᠩ᠎ᠠᠴᠠ ᠪᠦᠷᠢᠯᠳᠦᠭᠰᠡᠨ ᠪᠢᠯᠠᠭᠤ᠎ᠨᠢ ᠮᠡᠰᠡ᠂ ᠲᠥᠪ᠎ᠡᠴᠡ ᠵᠢᠭᠤᠳᠠᠬᠤ ᠬᠦᠴᠦᠨ᠂ ᠡᠭᠡᠷᠡᠭᠦᠯ᠎ᠦᠨ ᠤᠬᠠᠭᠠᠨ᠂ ᠭᠸᠤᠮᠧᠲᠷᠢ᠎ᠤᠨ ᠤᠬᠠᠭᠠᠨ ᠵᠡᠷᠭᠡ ᠤᠯᠠᠨ ᠲᠠᠯ᠎ᠠ᠎ᠠᠴᠠ ᠲᠠᠢᠯᠤᠮᠵᠢ ᠠᠪᠳᠠᠭ ᠪᠥᠭᠡᠳ ᠠᠩ ᠠᠩᠨᠠᠯ᠂ ᠳᠠᠢᠨ ᠪᠠᠢᠯᠳᠤᠭᠠᠨ᠂ ᠵᠠᠩ ᠵᠠᠩᠱᠢᠯ ᠵᠡᠷᠭᠡ ᠰᠣᠶᠤᠯ ᠢᠷᠭᠡᠨᠱᠢᠯ᠎ᠳᠤ᠎ᠴᠤ ᠠᠭᠤᠯᠤᠭᠳᠠᠬᠤᠨ ᠨᠡᠮᠡᠷᠢᠯᠡᠵᠤ ᠪᠠᠢᠳᠠᠭ᠃ ᠡᠳᠡᠭᠡᠷ᠎ᠨᠢ ᠶᠠᠭ᠎ᠯᠠ ᠠᠯᠳᠠᠷᠲᠤ ᠮᠣᠩᠭᠤᠯ ᠵᠠᠩ ᠦᠢᠯᠡ ᠲᠡᠦᠬᠡ ᠰᠣᠶᠤᠯ᠎ᠤᠨ ᠰᠤᠳᠤᠯᠭᠠᠲᠠᠨ ᠭᠦᠸᠸ ᠢᠦᠢ ᠴᠢᠶᠤᠤ ᠠᠪᠤᠭᠠᠢ᠎ᠶᠢᠨ ᠲᠤᠰ ᠨᠣᠮ᠎ᠤᠨ ᠣᠷᠤᠱᠢᠯ᠎ᠳᠤᠵᠣᠬᠢᠶᠠᠭᠴᠢ ᠭᠢᠷᠠᠬᠠᠢ ᠨᠢᠳᠦ᠂ ᠰᠡᠷᠭᠡᠭ ᠤᠬᠠᠭᠠᠨ᠎ᠢᠶᠠᠷ ᠪᠤᠰᠤᠳ ᠰᠤᠳᠤᠯᠭᠠᠨᠳᠠᠨ᠎ᠤ ᠶᠡᠷᠦ᠎ᠡᠴᠡ ᠲᠤᠷᠱᠢᠵᠤ ᠦᠵᠡᠭᠡ᠎ᠦᠭᠡᠢ ᠬᠠᠷᠠᠭᠠᠰᠤ ᠪᠠ ᠱᠢᠨᠵᠢᠯᠡᠬᠦ ᠤᠬᠠᠭᠠᠨ᠎ᠤ ᠦᠵᠡᠯᠲᠡ᠎ᠡᠴᠡ ᠬᠠᠷᠠᠵᠤ ᠰᠤᠳᠤᠯᠤᠭᠰᠠᠨ᠎ᠠᠴᠠ ᠪᠣᠷᠤ ᠪᠦᠳᠦᠭᠦᠯᠢᠭ ᠡᠳ ᠥᠯᠦᠭ᠎ᠲᠤ ᠬᠠᠳᠠᠭᠠᠯᠠᠭᠳᠠᠵᠤ ᠪᠠᠢᠭ᠎ᠠ ᠨᠡᠭᠦᠳᠡᠯ ᠰᠣᠶᠤᠯ᠎ᠤᠨ ᠡᠴᠢᠨ᠎ᠠ ᠳᠠᠯᠳᠠ᠎ᠶᠢᠨ ᠤᠬᠠᠭᠠᠨ ᠰᠠᠨᠠᠭ᠎ᠠ᠎ᠶᠢ ᠢᠯᠡᠷᠡᠬᠦᠯᠵᠤ ᠴᠢᠳᠠᠵᠠᠢᠬᠡᠵᠤ ᠥᠭᠦᠯᠡᠭᠰᠡᠨ ᠱᠢᠭ ᠨᠢᠭᠡ ᠪᠦᠯᠦᠭ ᠡᠳ ᠥᠯᠦᠭ᠎ᠦᠨᠤᠬᠠᠭᠠᠨ ᠪᠠ ᠰᠣᠶᠤᠯ᠎ᠢ ᠴᠢᠳᠠᠬᠤ ᠴᠢᠨᠡᠭᠡᠨ᠎ᠳᠤ᠎ᠪᠠᠨ ᠬᠥᠷᠦᠩᠭᠡᠵᠢᠭᠦᠯᠦᠨ ᠨᠤᠳᠠᠯᠠᠵᠠᠢ᠃

  ᠵᠣᠬᠢᠶᠠᠭᠴᠢ᠎ᠶᠢᠨ ᠬᠣᠷᠢᠨ ᠵᠢᠯ ᠬᠤᠷᠠᠮᠳᠤᠭᠤᠯᠵᠤ᠂ ᠠᠷᠪᠠᠨ ᠵᠢᠯ ᠰᠤᠳᠤᠯᠤᠨ ᠲᠤᠭᠤᠷᠪᠢᠭᠰᠠᠨ ᠬᠦᠨᠳᠦ᠎ᠶᠢᠨ ᠵᠢᠩ᠎ᠲᠠᠢ ᠡᠨᠡ᠎ᠬᠦ ᠪᠦᠲᠦᠭᠡᠯ᠎ᠨᠢ ᠨᠡᠭᠦᠳᠡᠯ ᠰᠣᠶᠤᠯ᠎ᠤᠨ ᠡᠳ ᠥᠯᠦᠭ᠎ᠦᠨ᠎ᠴᠤ ᠱᠢᠨ᠎ᠡ ᠱᠢᠨᠵᠢᠯᠡᠬᠦ ᠤᠬᠠᠭᠠᠨᠴᠢ ᠲᠠᠢᠯᠪᠦᠷᠢ ᠪᠣᠯᠬᠤ ᠤᠴᠢᠷ᠎ᠠᠴᠠᠲᠡᠷᠡ᠎ᠨᠢ ᠣᠳᠤᠬᠠᠨ᠎ᠤ ᠦᠨᠳᠦᠰᠦᠲᠡᠨ᠎ᠤ ᠮᠦᠽᠧᠢ᠎ᠶᠢᠨ ᠬᠠᠳᠠᠭᠠᠯᠠᠮᠵᠢ᠎ᠳᠤ ᠪᠠᠢᠭ᠎ᠠ ᠡᠳ ᠥᠯᠦᠭ᠎ᠦᠨ ᠲᠠᠢᠯᠪᠦᠷᠢ᠎ᠳᠤ ᠨᠢᠭᠡ ᠶᠣᠰᠤᠨ᠎ᠤ ᠱᠢᠨ᠎ᠡ ᠬᠤᠪᠢᠰᠤᠯᠠᠪᠴᠢᠷᠠᠬᠤ ᠶᠣᠰᠤᠲᠠᠢ ᠭᠡᠵᠤ ᠡᠷᠳᠡᠮᠳᠡᠨ ᠮᠡᠷᠭᠡᠳ ᠡᠷᠡᠬᠡᠢ ᠭᠠᠷᠭᠠᠨ ᠵᠦᠩᠨᠡᠵᠤ ᠪᠠᠢᠨ᠎ᠠ᠃

                    ᠥᠪᠦᠷ ᠮᠣᠩᠭᠤᠯ᠎ᠤᠨ ᠡᠳᠦᠷ᠎ᠦᠨ ᠰᠣᠨᠢᠨ᠎ᠠᠴᠠ ᠱᠢᠯᠵᠢᠭᠦᠯᠦᠨ ᠨᠡᠢᠳᠡᠯᠡᠪᠡ

                        ᠰᠤᠷᠪᠤᠯᠵᠢᠯᠠᠭᠴᠢ᠄ ᠴᠡᠯᠮᠡᠭ

 

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604