《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃
ᠶᠡᠷᠦ᠎ᠨᠢ ᠳᠡᠯᠡᠬᠡᠢ᠎ᠶᠢᠨ ᠶᠠᠮᠠᠷ᠎ᠴᠤ ᠠᠷᠠᠳ ᠲᠦᠮᠡᠨ᠎ᠦ ᠳᠤᠮᠳᠠ ᠱᠢᠳᠤᠷᠭᠤ ᠶᠣᠰᠤ᠎ᠶᠢ ᠪᠠᠷᠢᠮᠲᠠᠯᠠᠭᠴᠢ᠂ ᠶᠠᠳᠠᠭᠤ ᠵᠦᠳᠡᠭᠦᠦ ᠠᠷᠠᠳ ᠢᠷᠭᠡᠳᠢᠶ᠋ᠡᠨ ᠥᠮᠦᠭᠯᠡᠨ ᠬᠠᠮᠠᠭᠠᠯᠠᠵᠤ ᠪᠠᠢᠳᠠᠭ ᠠᠷᠠᠳ᠎ᠤᠨ ᠪᠠᠭᠠᠲᠤᠷ ᠪᠠᠢᠳᠠᠭ ᠪᠢᠯᠡ᠃ ᠲᠡᠭᠦᠨ᠎ᠦ ᠨᠢᠭᠡ ᠪᠤᠯ ᠳᠠᠷᠤᠢ ᠠᠩᠭ᠌ᠯᠢ᠎ᠶᠢᠨ ᠠᠷᠠᠳ᠎ᠤᠨ ᠪᠠᠭᠠᠲᠤᠷ ᠷᠤᠪᠢᠨ ᠾᠦᠳ᠋ ᠪᠤᠯᠤᠨ᠎ᠠ᠃ ᠲᠡᠷᠡᠪᠡᠷ ᠠᠷᠪᠠᠨ ᠬᠣᠶᠠᠳᠤᠭᠠᠷ ᠵᠠᠭᠤᠨ᠎ᠤ ᠦᠶ᠎ᠡ᠎ᠳᠦ ᠠᠮᠢᠳᠤᠷᠠᠵᠤ ᠪᠠᠢᠵᠠᠢ᠃ ᠷᠤᠪᠢᠨᠾᠦ᠋ᠳ᠋ ᠪᠤᠯ ᠳᠠᠷᠤᠢ ᠰᠠᠢᠬᠠᠨ ᠰᠡᠳᠬᠢᠯᠲᠦ ᠬᠣᠶᠠᠳᠤᠭᠠᠷ ᠾᠸᠨ᠋ᠷᠢ ᠬᠠᠭᠠᠨ᠎ᠤ ᠦᠶ᠎ᠡ᠎ᠳᠦ ᠠᠩᠭ᠌ᠯᠢ᠎ᠶᠢᠨ ᠨᠤᠲ᠋ᠢᠩᠬᠠᠮ ᠬᠣᠲᠠ᠎ᠶᠢᠨ ᠣᠢᠷᠠᠯᠴᠠᠭ᠎ᠠ ᠱᠸᠷᠸᠦ᠋ᠳ᠋᠎ᠦᠨ ᠣᠢ᠎ᠳᠤ ᠠᠮᠢᠳᠤᠷᠠᠳᠠᠭ ᠪᠠᠢᠵᠠᠢ᠃ ᠲᠡᠭᠡᠭᠡᠳ ᠲᠡᠷᠡ ᠠᠷᠪᠠᠨ ᠨᠠᠢ᠍ᠮᠠᠲᠠᠢ ᠪᠠᠢᠬᠤᠳ᠋ᠤᠪᠠᠨ ᠡᠷᠡᠬᠡᠢ ᠮᠡᠷᠭᠡᠨ ᠬᠠᠷᠪᠤᠭᠠᠴᠢ ᠪᠣᠯᠵᠤ ᠱᠠᠩᠨᠠᠭᠤᠯᠬᠤᠪᠠᠷ ᠵᠣᠷᠢᠭ ᠱᠢᠭᠤᠳᠴᠤ ᠰᠠᠢᠨ ᠨᠤᠮᠤ ᠰᠤᠮᠤ᠎ᠪᠠᠨ ᠠᠪᠤᠭᠠᠳ ᠱᠸᠷᠸᠦ᠋ᠳ᠋᠎ᠦᠨ ᠣᠢ᠎ᠳᠤ ᠣᠴᠢᠳᠠᠭ᠃ ᠲᠡᠬᠡᠭᠰᠡᠨᠴᠢᠨᠢ ᠬᠠᠷᠢᠨ ᠥᠷᠦᠭᠡᠰᠦᠨ ᠨᠢᠳᠦ᠎ᠪᠡᠨ ᠳᠠᠷᠤᠵᠤ ᠪᠣᠭᠤᠭᠰᠠᠨ ᠲᠣᠮᠤ ᠡᠷᠡᠲᠡᠢ ᠠᠭᠤᠯᠵᠠᠪᠠ᠂ ᠲᠡᠷᠡ ᠡᠷ᠎ᠡ ᠷᠤᠪᠢᠨ᠎ᠢ ᠶᠡᠬᠡᠳᠡ ᠪᠠᠰᠤᠮᠵᠢᠯᠠᠵᠤ ᠲᠡᠭᠦᠨ ᠲᠠᠢ ᠮᠠᠯᠵᠢᠶ᠎ᠠ ᠲᠠᠯᠪᠢᠪᠠ᠂ ᠷᠤᠪᠢᠨ ᠳᠡᠢᠯᠦᠭᠰᠡᠨ᠎ᠳᠦ ᠥᠨᠦᠬᠢ ᠡᠷ᠎ᠡ ᠬᠠᠷᠢᠨ ᠠᠮᠠᠯᠠᠭᠰᠠᠨᠢᠶ᠋ᠠᠨ ᠭᠦᠢᠴᠡᠳᠬᠡᠭᠰᠡᠨ᠎ᠦᠭᠡᠢ ᠮᠥᠷᠲᠡᠭᠡᠨ ᠷᠤᠪᠢᠨ᠎ᠢ ᠬᠠᠷᠪᠤᠳᠠᠭ᠂ ᠷᠤᠪᠢᠨ ᠲᠡᠭᠡᠭᠡᠳ ᠲᠡᠭᠦᠨ᠎ᠦ ᠰᠤᠮᠤᠨ᠎ᠳᠤ ᠣᠨᠤᠭᠳᠠᠭᠰᠠᠨ᠎ᠦᠭᠡᠢ᠂ ᠪᠤᠴᠠᠭᠠᠳ ᠥᠨᠦᠬᠢ ᠲᠣᠮᠤ ᠡᠷ᠎ᠡ᠎ᠶᠢ ᠬᠠᠷᠪᠤᠵᠤ ᠠᠯᠠᠭᠠᠳ ᠣᠢ ᠳᠣᠲᠤᠷ᠎ᠠ ᠣᠷᠭᠤᠳᠠᠭᠤᠯ ᠱᠢᠤᠬᠠᠨ ᠠᠮᠢᠳᠤᠷᠠᠵᠤ ᠪᠣᠯᠵᠠᠢ᠂ ᠬᠡᠰᠡᠭ ᠬᠤᠭᠤᠴᠠᠭ᠎ᠠ ᠥᠩᠭᠡᠷᠡᠭᠰᠡᠨ᠎ᠦ ᠳᠠᠷᠠᠭ᠎ᠠ ᠷᠤᠪᠢᠨ ᠤᠷᠭᠤᠨ ᠢᠷᠡᠭᠰᠡᠨ ᠥᠭᠡᠷ᠎ᠡ ᠬᠡᠰᠡᠭ ᠬᠥᠮᠦᠰ᠎ᠲᠡᠢ ᠲᠠᠭᠠᠷᠠᠯᠳᠤᠵᠤ ᠲᠡᠳᠡᠨ᠎ᠲᠠᠢ ᠨᠥᠬᠦᠷᠯᠡᠪᠡ᠂ ᠲᠡᠳᠡᠭᠡᠷ ᠬᠥᠮᠦᠰ᠎ᠦᠨ ᠵᠠᠷᠢᠮ᠎ᠨᠢ ᠥᠯ ᠵᠠᠯᠭᠠᠭᠤᠯᠬᠤ᠎ᠶᠢᠨ ᠲᠥᠯᠦᠭᠡ ᠪᠤᠭᠤ ᠠᠩᠨᠠᠭᠰᠠᠨ᠂ ᠵᠠᠷᠢᠮ᠎ᠨᠢ ᠡᠳ᠋ᠯᠡᠩ ᠭᠠᠵᠠᠷ ᠪᠣᠯᠤᠨ ᠮᠥᠩᠭᠦ ᠲᠥᠭᠦᠷᠢᠭᠢᠶ᠋ᠡᠨ ᠬᠠᠭᠤᠷᠲᠠᠨ ᠵᠠᠯᠢᠯᠠᠭᠤᠯᠤᠭᠰᠠᠨ ᠲᠤᠯᠠ ᠠᠷᠭ᠎ᠠ ᠪᠤᠰᠤ ᠣᠷᠭᠤᠳᠠᠭᠤᠯ ᠪᠤᠯᠤᠭᠰᠠᠨ ᠪᠠᠢᠵᠠᠢ᠃ ᠲᠡᠭᠡᠭᠡᠳ ᠲᠡᠳᠡ ᠬᠣᠵᠢᠮ᠎ᠨᠢ ᠷᠤᠪᠢᠨ᠎ᠢ ᠤᠳᠤᠷᠢᠳᠤᠭᠴᠢ᠎ᠪᠠᠷ ᠰᠣᠩᠭᠤᠵᠤ᠂ ᠲᠡᠳᠡᠭᠡᠷ ᠬᠣᠷᠤᠨ ᠮᠠᠭᠤ ᠰᠠᠨᠠᠭᠠᠲᠠᠨ᠎ᠲᠠᠢ ᠲᠡᠮᠡᠴᠡᠯᠳᠦᠨ᠂ ᠬᠡᠦᠬᠡᠳ ᠪᠣᠯᠤᠨ ᠡᠮᠡᠭᠲᠡᠢᠴᠦᠳ᠎ᠲᠦ ᠬᠡᠵᠢᠶ᠎ᠡ᠎ᠴᠦ ᠭᠠᠷ ᠬᠦᠷᠬᠦ᠎ᠦᠭᠡᠢ ᠭᠡᠵᠦ ᠠᠮᠠᠯᠳᠠᠵᠠᠢ᠃ ᠢᠩᠭᠢᠭᠰᠡᠨ᠎ᠡᠴᠡ ᠪᠤᠯᠤᠭᠠᠳ ᠨᠤᠲ᠋ᠢᠩᠬᠠᠮᠤᠨ ᠠᠷᠠᠳ ᠢᠷᠭᠡᠳ ᠷᠤᠪᠢᠨ ᠪᠣᠯᠤᠨ ᠲᠡᠭᠦᠨ᠎ᠦ ᠬᠠᠮᠰᠠᠭᠠᠲᠠᠨ ᠨᠠᠷ᠎ᠲᠤ ᠢᠲᠡᠭᠡᠬᠦ ᠪᠣᠯᠵᠤ᠂ ᠢᠲᠡᠭᠡᠬᠦ᠎ᠪᠡᠷ ᠪᠠᠷᠠᠬᠤ᠎ᠦᠭᠡᠢ ᠤᠯᠠᠮ ᠪᠦᠷ ᠲᠡᠳᠡᠨᠢᠶ᠋ᠡᠷ ᠪᠠᠬᠠᠷᠬᠠᠵᠤ᠂ ᠱᠸᠷᠸᠦ᠋ᠳ᠋᠎ᠦᠨ ᠣᠢᠳᠠᠬᠢ ᠷᠤᠪᠢᠨᠤ ᠲᠤᠬᠠᠢ ᠠᠳᠠᠯ ᠶᠠᠪᠤᠳᠠᠯ᠎ᠢ ᠦᠯᠢᠭᠡᠷ ᠲᠤᠤᠯᠢ ᠱᠢᠤᠬᠠᠨ ᠬᠦᠦᠷᠨᠢᠬᠦ ᠪᠤᠯᠵᠠᠢ᠃ ᠡᠨᠡ᠎ᠨᠢ ᠬᠣᠵᠢᠮᠳ᠋ᠤᠪᠠᠨ 《ᠷᠣᠪᠢᠨ ᠾᠦᠳ᠋᠎ᠦᠨ ᠠᠳᠠᠯ ᠶᠠᠪᠤᠳᠠᠯ》 ᠭᠡᠮᠡᠨ ᠨᠡᠷᠡᠯᠡᠭᠳᠡᠵᠦ ᠬᠣᠵᠢᠮ᠎ᠤᠨ ᠬᠥᠮᠦᠰ᠎ᠲᠦ ᠤᠯᠠᠮᠵᠢᠯᠠᠭᠳᠠᠨ ᠲᠠᠷᠬᠠᠪᠠ᠃ ᠲᠤᠰ ᠨᠣᠮ᠎ᠳᠤ 《ᠷᠣᠪᠢᠨ ᠾᠦᠳ᠋ ᠨᠣᠲ᠋ᠢᠩᠬᠠᠮᠤᠨ ᠵᠠᠬᠢᠷᠤᠭᠴᠢ᠎ᠲᠠᠢ ᠰᠥᠷᠭᠡᠯᠳᠦᠭᠰᠡᠨ᠎ᠨᠢ᠂ ᠠᠷᠲ᠋ᠦ᠋ᠷ ᠪᠯᠸᠨ᠋ᠳ᠋ ᠪᠣᠯᠤᠨ ᠸᠢᠯᠯᠢ ᠭᠸᠮᠪᠸᠯᠨᠠᠷ ᠬᠥᠭᠵᠢᠶᠡᠨᠲᠦ ᠠᠮᠢᠳᠤᠷᠠᠯ᠎ᠳᠤ ᠨᠢᠭᠡᠳᠪᠡ ᠂ ᠠᠯᠯᠸᠨ ᠳ᠋ᠸᠢᠢᠯ᠎ᠦᠨ ᠠᠳᠠᠯ ᠶᠠᠪᠤᠳᠠᠯ᠂ ᠷᠣᠪᠢᠨ ᠾᠦᠳ᠋ ᠳᠡᠭᠡᠳᠦᠰ᠎ᠡᠴᠡ ᠦᠰ ᠬᠣᠨᠵᠢᠩ ᠠᠪᠤᠪᠠ》 ᠵᠡᠷᠭᠡ ᠳᠥᠷᠪᠡᠨ ᠪᠦᠯᠦᠭ᠎ᠦᠨ ᠠᠷᠪᠠᠨ ᠵᠢᠷᠭᠤᠭᠠᠨ ᠬᠡᠰᠡᠭ ᠠᠭᠤᠯᠭ᠎ᠠ᠎ᠶᠢ ᠪᠠᠭᠲᠠᠭᠠᠵᠠᠢ᠃
ᠭᠠᠷᠴᠠᠭ᠄
ᠷᠣᠪᠢᠨ ᠾᠦᠳ᠋ ᠣᠢ᠎ᠶᠢᠨ ᠰᠠᠢᠨ ᠡᠷ᠎ᠡ ᠪᠣᠯᠤᠭᠰᠠᠨ ᠨᠢ
1. ᠷᠣᠪᠢᠨ ᠾᠦᠳ᠋ ᠨᠣᠲ᠋ᠢᠩᠬᠠᠮᠤᠨ ᠵᠠᠬᠢᠷᠤᠭᠴᠢ᠎ᠲᠠᠢ ᠰᠥᠷᠭᠡᠯᠳᠦᠭᠰᠡᠨ ᠨᠢ
ᠨᠢᠭᠡ ᠷᠣᠪᠢᠨ ᠾᠦᠳ᠋ ᠪᠠᠷᠠᠭᠤᠨ ᠭᠠᠷ ᠪᠣᠯᠤᠭᠰᠠᠨ ᠢᠲᠡᠭᠡᠯᠲᠦ ᠠᠨᠳᠠᠲᠠᠢᠪᠠᠨ ᠤᠴᠠᠷᠠᠭᠰᠠᠨ ᠨᠢ
ᠬᠣᠶᠠᠷ ᠨᠣᠲ᠋ᠢᠩᠬᠠᠮ ᠬᠣᠲᠠ᠎ᠶᠢᠨ ᠬᠠᠷᠪᠤᠭᠠᠴᠢᠳ᠎ᠤᠨ ᠲᠡᠮᠡᠴᠡᠭᠡᠨ
ᠭᠤᠷᠪᠠ ᠸᠢᠯᠯᠢ ᠰᠲ᠋ᠠᠲᠯᠢᠶᠢ ᠠᠪᠤᠷᠠᠭᠰᠠᠨ ᠨᠢ
ᠳᠥᠷᠪᠡ ᠷᠣᠪᠢᠨ ᠾᠦᠳ᠋ ᠮᠢᠬᠠᠨ᠎ᠤ ᠬᠤᠳᠠᠯᠳᠤᠭᠠᠴᠢᠨ ᠪᠣᠯᠵᠤ ᠵᠦᠴᠦᠭᠡᠯᠡᠪᠡ
2. ᠠᠷᠲ᠋ᠦ᠋ᠷ ᠪᠯᠸᠨ᠋ᠳ᠋ ᠪᠣᠯᠤᠨ ᠸᠢᠯᠯᠢ ᠭᠸᠮᠪᠸᠯᠨᠠᠷ ᠬᠥᠭᠵᠢᠶᠡᠨᠲᠦ ᠠᠮᠢᠳᠤᠷᠠᠯ᠎ᠳᠤ ᠨᠢᠭᠡᠳᠪᠡ
ᠲᠠᠪᠤ᠋ ᠵᠢᠵᠢᠭ ᠵᠤᠨ ᠪᠯᠢᠲᠦᠨ ᠠᠩ᠎ᠤᠨ ᠦᠰᠦᠨ᠎ᠦ ᠬᠤᠳᠠᠯᠳᠤᠭᠠᠴᠢᠨ᠎ᠲᠠᠢ ᠲᠤᠯᠤᠯᠳᠤᠭᠰᠠᠨ ᠨᠢ
ᠵᠢᠷᠭᠤᠭ᠎ᠠ ᠤᠯᠠᠭᠠᠨ ᠬᠤᠪᠴᠠᠰᠤ᠎ᠲᠠᠢ ᠦᠯᠦ ᠲᠠᠨᠢᠬᠤ ᠬᠥᠮᠦᠨ
ᠳᠣᠯᠤᠭ᠎ᠠ ᠷᠣᠪᠢᠨ ᠾᠦᠳ᠋᠎ᠦᠨ ᠣᠯᠠᠨ ᠵᠢᠯ ᠲᠥᠭᠡᠷᠢᠯᠳᠦᠭᠰᠡᠨ ᠲᠥᠷᠦᠯ ᠰᠠᠳᠤᠨ
3. ᠠᠯᠯᠸᠨ ᠳ᠋ᠸᠢᠢᠯ᠎ᠦᠨ ᠠᠳᠠᠯ ᠶᠠᠪᠤᠳᠠᠯ
ᠨᠠᠢ᠍ᠮᠠ ᠷᠣᠪᠢᠨ ᠾᠦᠳ᠋ ᠠᠯᠯᠸᠨ ᠳ᠋ᠸᠢᠢᠯᠲᠡᠢ ᠠᠨᠳᠠ ᠨᠥᠬᠦᠷ ᠪᠣᠯᠤᠭᠰᠠᠨ ᠨᠢ
ᠶᠢᠰᠦ ᠠᠯᠯᠸᠨ ᠳ᠋ᠸᠢᠢᠯ᠎ᠦᠨ ᠭᠤᠨᠢᠭ ᠵᠣᠪᠠᠯᠠᠩ
ᠠᠷᠪᠠ ᠷᠣᠪᠢᠨ ᠾᠦᠳ᠋ ᠺᠦᠷᠲ᠋ᠠᠯ ᠭᠡᠯᠦᠩᠢ ᠣᠯᠪᠠ
ᠠᠷᠪᠠᠨ ᠨᠢᠭᠡ ᠷᠣᠪᠢᠨ ᠾᠦᠳ᠋ ᠬᠠᠢᠷᠠᠲᠠᠢ ᠬᠣᠤᠰᠢ ᠭᠡᠷᠯᠡᠭᠦᠯᠦᠯᠡ
4. ᠷᠣᠪᠢᠨ ᠾᠦᠳ᠋ ᠳᠡᠭᠡᠳᠦᠰ᠎ᠡᠴᠡ ᠦᠰ ᠬᠣᠨᠵᠢᠩ ᠠᠪᠤᠪᠠ
ᠠᠷᠪᠠᠨ ᠬᠣᠶᠠᠷ ᠴᠥᠬᠦᠷᠡᠩᠢᠶ᠋ᠡᠨ ᠪᠠᠷᠠᠭᠰᠠᠨ ᠬᠦᠯᠦᠭ ᠪᠠᠭᠠᠲᠤᠷ
ᠠᠷᠪᠠᠨ ᠭᠤᠷᠪᠠ ᠷᠤᠪᠢᠨ ᠨᠣᠶᠠᠨ ᠷᠢᠴᠠᠷᠳ᠋᠎ᠲᠤ ᠱᠢᠷᠡᠭᠡ᠎ᠲᠦ ᠯᠠᠮᠠ᠎ᠪᠠᠷ 《ᠲᠤᠰᠠᠯᠠᠭᠤᠯᠤᠭᠰᠠᠨ᠎ᠨᠢ》
ᠠᠷᠪᠠᠨ ᠳᠥᠷᠪᠡ ᠭᠢᠰᠪᠤᠷᠸᠠ ᠭᠡᠭᠴᠢ ᠵᠠᠯᠠᠭᠤ ᠬᠤᠪᠢ ᠲᠠᠪᠢᠯᠠᠩᠢᠶ᠋ᠠᠨ ᠤᠭᠲᠤᠪᠠ
ᠠᠷᠪᠠᠨ ᠲᠠᠪᠤ᠋ ᠷᠣᠪᠢᠨ ᠾᠦᠳ᠋ ᠵᠠᠬᠢᠷᠤᠭᠴᠢ᠎ᠠᠴᠠ ᠬᠠᠷᠢᠭᠤ᠎ᠪᠠᠨ ᠠᠪᠤᠭᠰᠠᠨ ᠨᠢ
ᠠᠷᠪᠠᠨ ᠵᠢᠷᠭᠤᠭ᠎ᠠ ᠬᠠᠭᠠᠨ ᠷᠢᠴᠠᠷᠳ᠋ ᠱᠸᠷᠸᠦ᠋ᠳ᠋᠎ᠦᠨ ᠣᠢ᠎ᠳᠤ ᠨᠠᠢᠷᠯᠠᠭᠰᠠᠨ ᠨᠢ
ᠴᠢ ᠶᠠᠭᠤ ᠭᠡᠵᠦ ᠪᠣᠳᠤᠵᠤ ᠪᠠᠢᠨ᠎ᠠ ᠪᠣᠢ?
ᠲᠡᠭᠦᠰᠬᠡᠯ᠎ᠦᠨ ᠦᠭᠡ