《ᠳᠡᠯᠡᠬᠡᠢ᠎ᠶᠢᠨ ᠬᠡᠦᠬᠡᠳ᠎ᠤᠨ ᠰᠤᠩᠭᠤᠳᠠᠭ ᠤᠷᠠᠨ ᠵᠤᠬᠢᠶᠠᠯ᠎ᠤᠨ ᠲᠡᠭᠡᠵᠢᠰ》 ᠭᠡᠮᠡᠬᠦ 108 ᠲᠡᠪᠳᠡᠷ ᠪᠤᠯ ᠮᠠᠨ᠎ᠦ ᠤᠯᠤᠰ᠎ᠤᠨ 《ᠠᠷᠪᠠᠨ ᠬᠤᠶᠠᠳᠤᠭᠠᠷ ᠲᠠᠪᠤᠨ ᠵᠢᠯ᠎ᠤᠨ ᠲᠦᠯᠦᠪᠵᠢᠬᠦᠯᠬᠡ》᠎ᠶᠢᠨ ᠴᠦᠭᠡᠨ ᠲᠤᠭᠠᠲᠤ ᠦᠨᠳᠦᠰᠦᠲᠡᠨ᠎ᠤ ᠦᠭᠡ ᠬᠡᠯᠡ ᠦᠰᠦᠭ ᠪᠢᠴᠢᠭ᠎ᠢᠶᠠᠷ ᠬᠡᠪᠯᠡᠭᠦᠯᠬᠦ ᠢᠨᠵᠸᠨ᠋ᠸᠷᠢᠩ᠎ᠤᠨ ᠲᠦᠷᠦᠯ ᠵᠦᠢᠯ ᠮᠦᠨ᠃ ᠮᠤᠩᠭᠤᠯ ᠤᠯᠤᠰ᠎ᠤᠨ ᠨᠡᠷᠡᠲᠦ ᠤᠷᠴᠢᠭᠤᠯᠤᠭᠴᠢᠳ᠎ᠦᠨ ᠳᠡᠯᠡᠬᠡᠢ᠎ᠵᠢᠨ ᠠᠯᠳᠠᠷᠳᠤ ᠬᠡᠦᠬᠡᠳ᠎ᠤᠨ ᠤᠷᠠᠨ ᠵᠤᠬᠢᠶᠠᠯ᠎ᠡᠴᠡ ᠰᠤᠩᠭᠤᠨ ᠤᠷᠴᠢᠭᠤᠯᠤᠭᠠᠳ ᠺᠢᠷᠢᠯ ᠦᠰᠦᠭ᠎ᠢᠶᠠᠷ ᠬᠡᠪᠯᠡᠬᠦᠯᠦᠭᠰᠡᠨ ᠨᠤᠮ᠎ᠦᠳ᠎ᠢ ᠦᠪᠦᠷ ᠮᠤᠩᠭᠤᠯ᠎ᠤᠨ ᠰᠤᠷᠭᠠᠨ ᠬᠦᠮᠦᠵᠢᠯ᠎ᠤᠨ ᠬᠡᠪᠯᠡᠯ᠎ᠤᠨ ᠬᠤᠷᠢᠶᠠᠨ᠎ᠤ ᠬᠢᠨ ᠤᠢᠭᠤᠷᠵᠢᠨ ᠮᠤᠩᠭᠤᠯ ᠦᠰᠦᠭ ᠲᠣ᠌ ᠬᠦᠷᠪᠡᠬᠦᠯᠵᠤ ᠬᠡᠪᠯᠡᠭᠦᠯᠦᠭᠰᠡᠨ᠎ᠶᠤᠮ᠃ ᠲᠤᠰ ᠴᠤᠪᠤᠷᠠᠯ᠎ᠳᠦ ᠭᠤᠤᠯᠳᠠᠭᠤ ᠦᠯᠢᠭᠡᠷ᠂ ᠶᠤᠭᠲᠠ ᠦᠯᠢᠭᠡᠷ᠂ ᠦᠭᠦᠯᠡᠯᠭᠡ᠂ ᠬᠡᠦᠬᠡᠳ᠎ᠤᠨ ᠦᠯᠢᠭᠡᠷ ᠵᠡᠷᠬᠡ᠎ᠶᠢ ᠪᠠᠭᠳᠠᠭᠠᠵᠤ᠂ ᠡᠳᠡᠬᠡᠷ ᠦᠯᠢᠭᠡᠷ ᠲᠤᠮᠤᠭ᠎ᠨᠢ ᠬᠡᠤᠬᠡᠳ ᠪᠠᠭᠠᠴᠤᠳ ᠳᠡᠯᠡᠬᠡᠢ᠎ᠵᠢᠨ ᠤᠯᠠᠨ ᠦᠨᠳᠦᠰᠦᠳᠡᠨ᠎ᠦ ᠰᠤᠶᠤᠯ ᠵᠠᠩ ᠦᠢᠯᠡ ᠳᠠᠢ ᠳᠠᠨᠢᠯᠴᠠᠬᠤ᠎ᠳᠦ ᠬᠦᠬᠦᠷᠬᠡ ᠪᠤᠯᠬᠤ ᠳᠡᠳᠦᠢ ᠪᠢᠰᠢ᠂ ᠬᠠᠷᠢᠨ ᠤᠷᠠᠨ ᠵᠤᠬᠢᠶᠠᠯ᠎ᠦᠨ ᠮᠡᠳᠡᠯᠬᠡ ᠪᠤᠯᠪᠠᠰᠤᠷᠠᠯ ᠵᠢᠡᠨ ᠳᠡᠬᠡᠭᠱᠢᠯᠡᠬᠦᠯᠬᠦ᠎ᠳᠦ ᠮᠠᠱᠢ ᠶᠡᠬᠡ ᠠᠴᠢ ᠬᠤᠯᠪᠤᠭᠳᠠᠯ ᠳᠠᠢ ᠪᠤᠯᠬᠤ᠎ᠨᠢ ᠭᠠᠷᠴᠠᠭ᠎ᠠ ᠦᠬᠡᠢ ᠶᠤᠮ᠃
《ᠠᠤᠭ᠎ᠠ ᠮᠥᠷᠳᠡᠭᠴᠢ ᠱᠸᠷᠯᠦᠺ ᠾᠤᠯᠮᠰ》 ᠪᠣᠯ ᠠᠤᠭ᠎ᠠ ᠶᠡᠬᠡ ᠮᠥᠷᠳᠡᠭᠴᠢ ᠱᠸᠷᠯᠦᠺ ᠾᠤᠯᠮᠠᠰ ᠪᠣᠯᠤᠨ ᠲᠡᠭᠦᠨ᠎ᠦ ᠬᠠᠮᠲᠤᠷᠠᠨ ᠵᠢᠳᠬᠦᠭᠴᠢ ᠠᠨᠳᠠ ᠨᠥᠬᠦᠷ ᠳ᠋ᠤᠺᠲ᠋ᠤᠷ ᠸᠠᠲᠰᠤᠨ ᠨᠠᠷ᠎ᠤᠨ ᠠᠳᠠᠯ ᠶᠠᠪᠤᠳᠠᠯ᠎ᠤᠨ ᠲᠤᠬᠠᠢ ᠪᠢᠴᠢᠳᠡᠭ᠃ ᠲᠤᠰ ᠨᠣᠮ᠎ᠨᠢ ᠳᠡᠯᠡᠬᠡᠢ᠎ᠶᠢᠨ 60 ᠭᠠᠷᠤᠢ ᠣᠷᠤᠨ᠎ᠤ ᠬᠡᠯᠡ᠎ᠪᠡᠷ ᠣᠷᠴᠢᠭᠤᠯᠤᠭᠳᠠᠨ ᠨᠡᠢᠲᠡᠯᠡᠭᠳᠡᠵᠦ ᠪᠢᠯᠡ᠃ ᠲᠤᠰ ᠵᠣᠬᠢᠶᠠᠯ᠎ᠳᠤ ᠨᠠᠷᠢᠨ ᠠᠳᠠᠷᠠᠮᠠᠲᠠᠢ ᠬᠡᠷᠡᠭ ᠶᠠᠪᠤᠳᠠᠯ᠎ᠢ ᠮᠥᠷᠳᠡᠭᠴᠢ ᠱᠸᠷᠯᠦᠺ ᠾᠤᠯᠮᠰ ᠪᠤᠰᠤᠳ᠎ᠠᠴᠠ ᠬᠡᠲᠦᠢᠳᠦᠭᠰᠡᠨ ᠣᠶᠤᠨ ᠤᠬᠠᠭᠠᠨ ᠠᠵᠢᠭᠴᠢ ᠭᠢᠷᠠᠬᠠᠢ ᠵᠠᠩ ᠴᠢᠨᠠᠷ᠂ ᠱᠢᠢᠳᠦᠮᠡᠬᠡᠢ ᠣᠪᠤᠷᠲᠤᠪᠠᠨ ᠲᠦᠱᠢᠭᠯᠡᠨ ᠭᠠᠢᠬᠠᠮᠱᠢᠭᠲᠠᠢᠪᠠᠷ ᠢᠯᠠᠯᠲᠠ ᠣᠯᠵᠤ᠂ ᠮᠠᠱᠢ ᠣᠯᠠᠨ ᠡᠭᠡᠳᠡᠷᠡᠭᠡᠲᠡᠢ ᠠᠰᠠᠭᠤᠳᠠᠯ᠎ᠢ ᠲᠠᠢᠯᠤᠭᠰᠠᠨ 56 ᠪᠣᠭᠤᠨᠢ ᠥᠭᠦᠯᠡᠯᠭᠡ᠂ ᠳᠥᠷᠪᠡᠨ ᠲᠣᠭᠤᠵᠢ ᠪᠠᠢᠳᠠᠭ᠎ᠢ ᠱᠤᠲ᠋ᠠᠯᠠᠨᠳ᠋ᠤᠨ ᠵᠣᠬᠢᠶᠠᠯᠴᠢ ᠠᠷᠲ᠋ᠦ᠋ᠷ ᠺᠠᠨᠤᠨ ᠳ᠋ᠦᠢᠯ ᠬᠡᠮᠡᠬᠦ ᠬᠥᠮᠦᠨ ᠪᠢᠴᠢᠭᠰᠡᠨ ᠪᠠᠢᠳᠠᠭ᠃ ᠭᠡᠪᠡᠴᠦ ᠲᠤᠰ ᠨᠣᠮ᠎ᠳᠤ ᠵᠥᠪᠬᠡᠨ ᠭᠤᠷᠪᠠᠨ ᠦᠯᠢᠭᠡᠷ᠎ᠢ᠎ᠨᠢ ᠰᠣᠩᠭᠤᠭᠰᠠᠨ ᠪᠠᠢᠳᠠᠭ᠃
ᠭᠠᠷᠴᠠᠭ᠄
1. ᠤᠯᠠᠭᠠᠨ ᠦᠰᠦᠳᠡᠨᠦ ᠨᠡᠢᠭᠡᠮᠯᠢᠭ
2. ᠴᠣᠬᠤᠷ ᠣᠯᠤᠰᠤᠨᠤ ᠠᠳᠠᠯ ᠶᠠᠪᠤᠳᠠᠯ
3. ᠺᠣᠫᠫᠸᠷ ᠪᠢᠢᠴᠰ ᠲᠡᠬᠢ ᠠᠳᠠᠯ ᠶᠠᠪᠤᠳᠠᠯ
ᠴᠢ ᠶᠠᠭᠤ ᠭᠡᠵᠦ ᠪᠣᠳᠤᠵᠤ ᠪᠠᠢᠨ᠎ᠠ ᠪᠣᠢ?
ᠲᠡᠭᠦᠰᠬᠡᠯ᠎ᠦᠨ ᠦᠭᠡ