ᠬᠡᠪᠯᠡᠯ᠎ᠤᠨ ᠪᠦᠯᠦᠭᠯᠡᠯ ᠲᠦᠷᠦᠭᠦᠯᠡᠵᠦ᠂ ᠥᠪᠦᠷ ᠮᠣᠩᠭᠤᠯ᠎ᠤᠨ ᠳᠡᠯᠡᠬᠡᠢ ᠮᠡᠳᠡᠭᠡ ᠵᠠᠩᠭᠢ᠎ᠶᠢᠨ ᠮᠡᠷᠭᠡᠵᠢᠯ᠎ᠤᠨ ᠬᠢᠵᠠᠭᠠᠷᠲᠤ ᠺᠣᠮᠫᠠᠨᠢ᠂ ᠥᠪᠦᠷ ᠮᠣᠩᠭᠤᠯ᠎ᠤᠨ ᠡᠳ᠋᠎ᠤᠨ ᠵᠠᠰᠠᠭ ᠠᠵᠤ ᠠᠬᠤᠢ᠎ᠶᠢᠨ ᠶᠡᠬᠡ ᠰᠤᠷᠭᠠᠭᠤᠯᠢ᠎ᠲᠠᠢ ᠬᠠᠮᠲᠤᠷᠠᠵᠤ ᠳᠠᠭᠠᠭᠠᠨ ᠭᠦᠢᠴᠡᠳᠭᠡᠭᠰᠡᠨ 2013 ᠣᠨ᠎ᠤ ᠤᠯᠤᠰ᠎ᠤᠨ ᠱᠢᠨᠵᠢᠯᠡᠬᠦ ᠤᠬᠠᠭᠠᠨ ᠮᠡᠷᠭᠡᠵᠢᠯ᠎ᠢᠶᠡᠷ ᠲᠤᠯᠭᠠᠭᠤᠷᠢᠯᠠᠬᠤ ᠲᠥᠯᠦᠪᠯᠡᠭᠡ᠎ᠶᠢᠨ ᠲᠥᠷᠦᠯ ᠵᠦᠢᠯ 《ᠤᠯᠤᠰ᠎ᠤᠨ ᠪᠠᠷᠢᠮᠵᠢᠶᠠᠲᠤ ᠮᠣᠩᠭᠤᠯ ᠳ᠋ᠢᠭᠢᠲ ᠬᠡᠪᠯᠡᠯ᠎ᠤᠨ ᠱᠢᠰᠲᠧᠮ᠎ᠤᠨ ᠰᠤᠳᠤᠯᠤᠨ ᠨᠡᠭᠡᠭᠡᠯᠲᠡ ᠵᠢᠴᠢ ᠬᠡᠷᠡᠭᠯᠡᠭᠡᠨ᠎ᠤ ᠵᠢᠱ᠌ᠢᠶ᠎ᠡ ᠦᠵᠡᠭᠦᠯᠦᠯᠲᠡ》᠎ᠨᠢ 2019 ᠣᠨ᠎ᠤ ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ᠎ᠤ ᠱᠢᠨᠵᠢᠯᠡᠬᠦ ᠤᠬᠠᠭᠠᠨ ᠮᠡᠷᠭᠡᠵᠢᠯ᠎ᠤᠨ ᠳᠠᠪᠱᠢᠯᠲᠠ᠎ᠶᠢᠨ ᠨᠢᠭᠡᠳᠦᠭᠡᠷ ᠳᠡᠰ᠎ᠤᠨ ᠱᠠᠩᠨᠠᠯ᠎ᠢ ᠲᠤᠰᠪᠠ᠃
ᠲᠤᠰ ᠲᠥᠷᠦᠯ ᠵᠦᠢᠯ᠎ᠨᠢ ᠮᠣᠩᠭᠤᠯ ᠺᠣᠳ᠋᠎ᠤᠨ ᠤᠯᠠᠨ ᠤᠯᠤᠰ᠎ᠤᠨ ᠪᠠᠷᠢᠮᠵᠢᠶ᠎ᠠ᠂ ᠤᠯᠤᠰ᠎ᠤᠨ ᠪᠠᠷᠢᠮᠵᠢᠶ᠎ᠠ᠎ᠳᠠᠬᠢ ᠳᠦᠷᠰᠦ ᠬᠤᠪᠢᠷᠠᠭᠤᠯᠵᠤ ᠢᠯᠡᠷᠡᠭᠦᠯᠦᠨ ᠬᠥᠷᠪᠡᠭᠦᠯᠬᠦ ᠳᠦᠷᠢᠮ᠎ᠤᠨ ᠰᠠᠭᠤᠷᠢ ᠣᠨᠤᠯ᠎ᠤᠨ ᠰᠤᠳᠤᠯᠭᠠᠨ᠎ᠡᠴᠡ ᠭᠠᠷᠳᠠᠵᠤ᠂ ᠮᠣᠩᠭᠤᠯ OpenType᠂ AAT ᠦᠰᠦᠭ᠎ᠤᠨ ᠲᠢᠭ᠎ᠤᠨ ᠭᠤᠤᠯᠠᠭᠴᠢ ᠮᠡᠷᠭᠡᠵᠢᠯ᠎ᠢ ᠰᠤᠳᠤᠯᠤᠨ ᠨᠡᠭᠡᠭᠡᠭᠰᠡᠨ ᠰᠠᠭᠤᠷᠢᠨ ᠳᠡᠭᠡᠷ᠎ᠡ᠂ ᠮᠣᠩᠭᠤᠯ ᠪᠦᠬᠦ ᠵᠠᠭᠤᠴᠢᠯᠠᠭᠤᠷ᠎ᠤᠨ ᠣᠶᠤᠨᠴᠢ ᠪᠢᠴᠢᠭᠯᠡᠬᠦ ᠠᠷᠭ᠎ᠠ (Windows᠂ Mac OS X᠂ Linux᠂ Android᠂ iOS ᠬᠡᠪᠯᠡᠯ ᠵᠢᠴᠢ ᠰᠦᠯᠵᠢᠶᠡᠨ᠎ᠤ ᠬᠡᠪᠯᠡᠯ)᠂ ᠤᠯᠠᠨ ᠤᠯᠤᠰ᠎ᠤᠨ ᠪᠠᠷᠢᠮᠵᠢᠶ᠎ᠠ ᠪᠤᠰᠤ ᠺᠣᠳ᠋᠎ᠤᠨ ᠬᠦᠷᠪᠡᠭᠦᠯᠦᠭᠦᠷ᠂ ᠬᠠᠷᠭᠤᠭᠤᠯᠬᠤ ᠰᠣᠹᠲᠧᠠᠢᠷ᠂ ᠪᠦᠬᠦ ᠵᠠᠭᠤᠴᠢᠯᠠᠭᠤᠷ᠎ᠤᠨ ᠮᠣᠩᠭᠤᠯ ᠦᠰᠦᠭ ᠪᠢᠴᠢᠭ ᠨᠠᠢᠷᠠᠭᠤᠯᠤᠭᠤᠷ᠂ ᠤᠯᠠᠨ ᠬᠡᠯᠡᠨ᠎ᠤ ᠲᠠᠪᠴᠠᠩ ᠠᠯᠤᠰᠯᠠᠭᠰᠠᠨ ᠠᠯᠪᠠᠯᠠᠬᠤ ᠢᠵᠢ ᠰᠣᠹᠲᠧᠠᠢᠷ᠂ ᠤᠯᠠᠨ ᠬᠡᠯᠡᠨ᠎ᠤ ᠪᠦᠬᠦ ᠵᠠᠭᠤᠴᠢᠯᠠᠭᠤᠷ᠎ᠤᠨ ᠬᠠᠢᠭᠤᠷ ᠵᠡᠷᠭᠡ ᠰᠠᠭᠤᠷᠢ ᠰᠣᠹᠲᠧᠠᠢᠷ᠎ᠤᠨ ᠴᠤᠭᠯᠠᠷᠠᠯ᠎ᠢ ᠰᠤᠳᠤᠯᠤᠨ ᠭᠠᠷᠭᠠᠵᠤ᠂ ᠮᠣᠩᠭᠤᠯ ᠵᠠᠩᠭᠢ᠎ᠶᠢᠨ ᠪᠦᠬᠦ ᠵᠠᠭᠤᠴᠢᠯᠠᠭᠤᠷ᠎ᠤᠨ ᠣᠷᠤᠭᠤᠯᠵᠤ ᠭᠠᠷᠭᠠᠬᠤ ᠪᠠ ᠬᠠᠳᠠᠭᠠᠯᠠᠵᠤ ᠰᠣᠯᠢᠯᠴᠠᠬᠤ ᠠᠰᠠᠭᠤᠳᠠᠯ᠎ᠢ ᠱᠢᠢᠳᠪᠦᠷᠢᠯᠡᠪᠡ᠃ 2014~ 2019 ᠣᠨ᠎ᠤ ᠬᠣᠭᠤᠷᠤᠨᠳᠤ᠂ ᠲᠥᠷᠦᠯ ᠵᠦᠢᠯ᠎ᠤᠨ ᠳᠤᠭᠤᠢᠯᠠᠩ᠎ᠠᠴᠠ W3C᠂ UTC ᠪᠠ ᠮᠣᠩᠭᠤᠯ ᠵᠠᠩᠭᠢ᠎ᠶᠢᠨ ᠮᠡᠷᠭᠡᠵᠢᠯ᠎ᠤᠨ ᠤᠯᠤᠰ᠎ᠤᠨ ᠪᠠᠷᠢᠮᠵᠢᠶᠠᠨ᠎ᠤ ᠠᠵᠢᠯ᠎ᠤᠨ ᠳᠤᠭᠤᠢᠯᠠᠩ᠎ᠤᠨ ᠮᠣᠩᠭᠤᠯ ᠺᠣᠳ᠋ ᠵᠢᠴᠢ ᠳᠦᠷᠰᠦ ᠬᠤᠪᠢᠷᠠᠭᠤᠯᠵᠤ ᠢᠯᠡᠷᠡᠭᠦᠯᠦᠨ ᠬᠥᠷᠪᠡᠭᠦᠯᠬᠦ ᠳᠦᠷᠢᠮ᠎ᠳᠤ ᠵᠠᠰᠠᠪᠤᠷᠢ ᠣᠷᠤᠭᠤᠯᠬᠤ᠂ ᠲᠥᠰᠦᠯ᠎ᠢ ᠨᠢᠭᠡᠳᠦᠭᠦᠯᠬᠦ ᠲᠤᠬᠠᠢ ᠤᠯᠠᠨ ᠤᠯᠤᠰ᠎ᠤᠨ ᠪᠠ ᠤᠯᠤᠰ᠎ᠤᠨ ᠳᠣᠲᠤᠭᠠᠳᠤ᠎ᠶᠢᠨ ᠰᠤᠳᠤᠯᠤᠨ ᠶᠠᠷᠢᠯᠴᠠᠬᠤ ᠤᠯᠠᠨ ᠤᠳᠠᠭᠠᠨ᠎ᠤ ᠬᠤᠷᠠᠯ᠎ᠢ ᠬᠤᠷᠠᠯᠳᠤᠭᠤᠯᠤᠭᠰᠠᠨ᠎ᠤ ᠬᠠᠮᠲᠤ᠂ Microsoft᠂ Google᠂ Apple᠂ Adobe᠂ Monotype ᠵᠡᠷᠭᠡ ᠵᠢᠯᠤᠭᠤᠳᠭᠤ ᠱᠢᠰᠲᠧᠮ᠂ ᠦᠰᠦᠭ᠎ᠤᠨ ᠲᠢᠭ᠎ᠤᠨ ᠦᠢᠯᠡᠳᠪᠦᠷᠢ ᠬᠤᠳᠠᠯᠳᠤᠭᠠᠴᠢᠳ᠎ᠲᠠᠢ ᠮᠣᠩᠭᠤᠯ OpenType/AAT ᠦᠰᠦᠭ᠎ᠤᠨ ᠲᠢᠭ᠎ᠦᠨ ᠡᠤᠨ᠋ᠵᠢᠨᠦ ᠮᠡᠷᠭᠡᠵᠢᠯ᠎ᠤᠨ Google Chrome ᠳᠤᠭᠤᠢᠯᠠᠩ᠂ Mozilla ᠰᠠᠭᠤᠷᠢ ᠮᠥᠩᠭᠦᠨ᠎ᠤ ᠨᠡᠢᠭᠡᠮᠯᠢᠭ ᠵᠡᠷᠭᠡ ᠬᠠᠢᠭᠤᠷ᠎ᠤᠨ ᠨᠡᠭᠡᠭᠡᠨ ᠬᠥᠭᠵᠢᠭᠦᠯᠬᠦ ᠬᠤᠳᠠᠯᠳᠤᠭᠠᠴᠢᠳ᠎ᠲᠠᠢ ᠬᠠᠮᠲᠤ ᠮᠣᠩᠭᠤᠯ ᠰᠦᠯᠵᠢᠶᠡᠨ᠎ᠤ ᠨᠢᠭᠤᠷ᠎ᠤᠨ ᠪᠠᠢᠷᠢᠯᠠᠭᠤᠯᠤᠯᠲᠠ᠎ᠪᠡᠷ ᠣᠷᠤᠭᠤᠯᠵᠤ ᠭᠠᠷᠭᠠᠭᠰᠠᠨ Harfbuzz ᠡᠤᠨ᠋ᠵᠢᠨᠤ ᠮᠡᠷᠭᠡᠵᠢᠯ᠎ᠤᠨ ᠲᠠᠯ᠎ᠠ᠎ᠪᠡᠷ ᠤᠯᠠᠨ ᠤᠳᠠᠭ᠎ᠠ ᠵᠥᠪᠳᠡᠯᠴᠡᠬᠦ᠎ᠪᠡᠷ ᠳᠠᠮᠵᠢᠭᠤᠯᠵᠤ᠂ ᠮᠣᠩᠭᠤᠯ ᠵᠠᠩᠭᠢ᠎ᠶᠢᠨ ᠣᠶᠤᠨᠴᠢ ᠪᠦᠬᠦ ᠵᠠᠭᠤᠴᠢᠯᠠᠭᠤᠷ᠎ᠤᠨ ᠬᠡᠷᠡᠭᠯᠡᠭᠡᠨ᠎ᠤ ᠣᠷᠴᠢᠨ ᠲᠣᠭᠤᠷᠢᠨ᠎ᠳᠠᠬᠢ ᠺᠣᠳ᠋᠎ᠤᠨ ᠳᠡᠰ᠎ᠤᠨ ᠨᠢᠭᠡᠳᠦᠯ᠂ ᠱᠢᠰᠲᠧᠮ᠎ᠤᠨ ᠳᠡᠰ᠎ᠤᠨ ᠬᠠᠪᠰᠤᠷᠭᠠᠯ ᠪᠠ ᠬᠠᠢᠭᠤᠷ᠎ᠤᠨ ᠳᠡᠰ᠎ᠤᠨ ᠳᠡᠮᠵᠢᠯᠭᠡ᠎ᠶᠢᠨ ᠠᠰᠠᠭᠤᠳᠠᠯ᠎ᠢ ᠨᠢᠭᠡᠳ ᠨᠢᠭᠡ᠎ᠪᠡᠷ ᠱᠢᠢᠳᠪᠦᠷᠢᠯᠡᠭᠰᠡᠨ᠎ᠡᠴᠡ ᠪᠣᠯᠵᠤ᠂ ᠮᠣᠩᠭᠤᠯ ᠺᠣᠳ᠋᠎ᠤᠨ ᠤᠯᠠᠨ ᠤᠯᠤᠰ᠎ᠤᠨ ᠪᠠᠷᠢᠮᠵᠢᠶ᠎ᠠ᠎ᠶᠢᠨ ᠵᠠᠩᠭᠢ᠎ᠶᠢᠨ ᠮᠡᠷᠭᠡᠵᠢᠯ᠎ᠤᠨ ᠬᠦᠷᠢᠶ᠎ᠡ ᠴᠠᠷᠠᠭᠠᠨ᠎ᠳᠠᠬᠢ ᠴᠢᠬᠤᠯᠠ ᠪᠡᠯᠭᠡ ᠲᠡᠮᠳᠡᠭ ᠪᠣᠯᠤᠭᠰᠠᠨ ᠪᠠᠢᠨ᠎ᠠ᠃
ᠮᠣᠩᠭᠤᠯ ᠳ᠋ᠢᠭᠢᠲ ᠬᠡᠪᠯᠡᠯ᠎ᠤᠨ ᠣᠨᠤᠯ᠎ᠤᠨ ᠮᠡᠷᠭᠡᠵᠢᠯ ᠪᠠ ᠲᠠᠪᠴᠠᠩ᠎ᠤᠨ ᠲᠠᠯ᠎ᠠ᠎ᠪᠡᠷ᠂ ᠲᠤᠰ ᠲᠥᠷᠦᠯ ᠵᠦᠢᠯ᠎ᠨᠢ ᠡᠩ ᠲᠡᠷᠢᠭᠦᠨ᠎ᠳᠤ ᠳ᠋ᠦᠪᠯᠢᠨᠤ ᠭᠣᠤᠯᠯᠠᠭᠴᠢ ᠮᠧᠲ᠋ᠠ ᠳ᠋ᠠᠢᠲ᠋ᠠ᠎ᠶᠢᠨ ᠳᠦᠷᠰᠦᠯᠡᠯ ᠳᠦᠷᠢᠮᠵᠢᠭᠦᠯᠦᠯᠲᠡ᠎ᠳᠤ ᠤᠯᠠᠨ ᠬᠡᠯᠡᠨ᠎ᠤ᠂ ᠤᠯᠠᠨ ᠲᠠᠯ᠎ᠠ᠎ᠶᠢᠨ᠂ ᠤᠯᠠᠨ ᠬᠡᠪᠯᠡᠯ᠎ᠤᠨ ᠱᠤᠭᠤᠮ᠎ᠤᠨ ᠪᠤᠰᠤ ᠴᠢᠨᠠᠷᠲᠠᠢ ᠥᠷᠭᠡᠳᠭᠡᠯ ᠬᠢᠬᠦ᠎ᠪᠡᠷ ᠳᠠᠮᠵᠢᠭᠤᠯᠤᠨ᠂ ᠤᠯᠠᠨ ᠬᠡᠯᠡᠨ᠎ᠤ ᠠᠭᠤᠯᠭ᠎ᠠ ᠪᠦᠬᠦᠢ ᠡᠬᠢ ᠪᠠᠶᠠᠯᠢᠭ᠎ᠢ ᠴᠤᠭᠯᠠᠭᠤᠯᠤᠨ ᠪᠣᠯᠪᠠᠰᠤᠷᠠᠭᠤᠯᠬᠤ᠂ ᠬᠠᠳᠠᠭᠠᠯᠠᠨ ᠰᠣᠯᠢᠯᠴᠠᠬᠤ᠂ ᠬᠥᠮᠦᠷᠭᠡ ᠠᠯᠤᠰᠯᠠᠨ ᠬᠠᠮᠲᠤ ᠡᠳ᠋ᠯᠡᠬᠦ ᠪᠠ ᠲᠠᠪᠴᠠᠩ ᠠᠯᠤᠰᠯᠠᠨ ᠬᠡᠷᠡᠭᠯᠡᠬᠦ ᠪᠠᠷᠢᠮᠵᠢᠶᠠᠨ᠎ᠤ ᠳᠦᠷᠢᠮᠵᠢᠯ᠎ᠢ ᠰᠤᠳᠤᠯᠤᠨ ᠭᠠᠷᠭᠠᠪᠠ᠃ ᠡᠭᠦᠨ᠎ᠤ ᠰᠠᠭᠤᠷᠢᠨ ᠳᠡᠭᠡᠷ᠎ᠡ᠂ ᠤᠯᠠᠨ ᠬᠡᠯᠡᠨ᠎ᠦ ᠳ᠋ᠢᠭᠢᠲ ᠬᠡᠪᠯᠡᠯ᠎ᠦᠨ ᠠᠵᠢᠯ᠎ᠤᠨ ᠬᠠᠮᠢᠶᠠᠷᠤᠯᠲᠠ᠎ᠶᠢᠨ ᠰᠠᠯᠪᠤᠷᠢ ᠱᠢᠰᠲᠧᠮ᠂ ᠤᠯᠠᠨ ᠬᠡᠯᠡᠨ᠎ᠤ ᠳ᠋ᠢᠭᠢᠲ ᠠᠭᠤᠯᠭ᠎ᠠ᠎ᠶᠢᠨ ᠬᠠᠮᠢᠶᠠᠷᠤᠯᠲᠠ᠎ᠶᠢᠨ ᠰᠠᠯᠪᠤᠷᠢ ᠱᠢᠰᠲᠧᠮ᠂ ᠤᠯᠠᠨ ᠬᠡᠯᠡᠨ᠎ᠦ ᠪᠦᠬᠦ ᠵᠠᠭᠤᠴᠢᠯᠠᠭᠤᠷ᠎ᠤᠨ ᠳ᠋ᠢᠭᠢᠲ ᠬᠠᠷᠢᠯᠴᠠᠬᠤ ᠲᠠᠪᠴᠠᠩ ᠪᠠ ᠤᠯᠠᠨ ᠬᠡᠯᠡᠨ᠎ᠤ ᠪᠦᠬᠦ ᠵᠠᠭᠤᠴᠢᠯᠠᠭᠤᠷ᠎ᠤᠨ e ᠬᠤᠳᠠᠯᠳᠤᠭᠠᠨ᠎ᠤ ᠲᠠᠪᠴᠠᠩ᠎ᠢ ᠪᠠᠭᠲᠠᠭᠠᠭᠰᠠᠨ ᠤᠯᠠᠨ ᠬᠡᠯᠡᠨ᠎ᠤ ᠳ᠋ᠢᠭᠢᠲ ᠬᠡᠪᠯᠡᠯ᠎ᠤᠨ ᠶᠡᠷᠦᠩᠬᠡᠢᠯᠡᠭᠰᠡᠨ ᠦᠢᠯᠡᠴᠢᠯᠡᠭᠡᠨ᠎ᠤ ᠲᠠᠪᠴᠠᠩ ᠪᠠ ᠤᠯᠠᠨ ᠬᠡᠯᠡᠨ᠎ᠤ ᠳ᠋ᠢᠭᠢᠲ ᠬᠡᠪᠯᠡᠯ᠎ᠤᠨ ᠬᠠᠮᠢᠶᠠᠷᠤᠯᠲᠠ᠎ᠶᠢᠨ ᠱᠢᠰᠲᠧᠮ᠎ᠢ ᠰᠤᠳᠤᠯᠤᠨ ᠪᠡᠶᠡᠯᠡᠭᠦᠯᠪᠡ᠃ ᠳᠠᠷᠠᠭ᠎ᠠ᠎ᠳᠤ᠎ᠨᠢ᠂ ᠲᠥᠪ᠎ᠦᠨ ᠪᠠ ᠥᠪᠡᠷᠳᠡᠭᠡᠨ ᠵᠠᠰᠠᠬᠤ ᠣᠷᠤᠨ᠎ᠤ ᠰᠣᠶᠤᠯ᠎ᠤᠨ ᠠᠵᠤ ᠦᠢᠯᠡᠰ᠎ᠢ ᠬᠥᠭᠵᠢᠭᠦᠯᠬᠦ ᠲᠤᠰᠭᠠᠢ ᠰᠠᠭᠤᠷᠢ ᠮᠥᠩᠭᠦᠨ᠎ᠤ ᠲᠥᠷᠦᠯ ᠵᠦᠢᠯ᠂ ᠥᠪᠡᠷᠳᠡᠭᠡᠨ ᠵᠠᠰᠠᠬᠤ ᠣᠷᠤᠨ᠎ᠤ ᠮᠣᠩᠭᠤᠯ ᠬᠡᠯᠡ ᠦᠰᠦᠭ ᠪᠢᠴᠢᠭ᠎ᠤᠨ ᠵᠠᠩᠭᠢᠵᠢᠯᠲᠠ᠎ᠶᠢᠨ ᠲᠤᠰᠭᠠᠢ ᠲᠡᠳᠭᠦᠨ ᠳᠡᠮᠵᠢᠬᠦ ᠲᠥᠷᠦᠯ ᠵᠦᠢᠯ᠎ᠢ ᠳᠠᠭᠠᠭᠠᠨ ᠭᠦᠢᠴᠡᠳᠬᠡᠬᠦ ᠵᠢᠴᠢ ᠪᠤᠰᠤᠳ ᠲᠥᠷᠦᠯ ᠵᠦᠢᠯ᠎ᠢᠶᠡᠷ ᠳᠠᠮᠵᠢᠭᠤᠯᠤᠨ᠂ ᠣᠶᠤᠨᠴᠢ ᠬᠢᠴᠢᠶᠡᠯ᠂ ᠣᠶᠤᠨᠴᠢ ᠰᠤᠷᠭᠠᠭᠤᠯᠢ᠂ ᠱᠢᠭᠤᠳ ᠨᠡᠪᠲᠡᠷᠡᠭᠦᠯᠭᠡ ᠵᠡᠷᠭᠡ ᠰᠠᠯᠪᠤᠷᠢ ᠱᠢᠰᠲᠧᠮ ᠪᠦᠬᠦᠢ ᠳᠠᠶᠠᠩ ᠱᠢᠷᠢᠰ ᠮᠣᠩᠭᠤᠯ ᠬᠢᠲᠠᠳ ᠰᠦᠯᠵᠢᠶᠡᠨ᠎ᠤ ᠰᠤᠷᠭᠠᠨ ᠬᠥᠮᠦᠵᠢᠯ᠎ᠤᠨ ᠲᠠᠪᠴᠠᠩ᠎ᠤᠨ ᠦᠢᠯᠡᠳᠬᠦᠨ᠂ ᠤᠯᠠᠨ ᠬᠡᠯᠡᠨ᠎ᠤ ᠪᠦᠬᠦ ᠵᠠᠭᠤᠴᠢᠯᠠᠭᠤᠷ᠎ᠤᠨ e ᠬᠤᠳᠠᠯᠳᠤᠭ᠎ᠠ ᠬᠢᠭᠡᠳ ᠤᠩᠱᠢᠭᠤ᠂ ᠳᠠᠭᠤᠤ ᠬᠥᠭᠵᠢᠮ᠎ᠤᠨ ᠲᠠᠪᠴᠠᠩ ᠪᠠ ᠮᠣᠩᠭᠤᠯ ᠬᠡᠯᠡᠨ᠎ᠤ ᠬᠥᠮᠦᠷᠭᠡ᠎ᠶᠢᠨ ᠦᠢᠯᠡᠴᠢᠯᠡᠭᠡᠨ᠎ᠤ ᠲᠠᠪᠴᠠᠩ᠎ᠢ ᠬᠣᠶᠠᠳᠠᠬᠢ ᠤᠳᠠᠭ᠎ᠠ ᠰᠤᠳᠤᠯᠤᠨ ᠪᠡᠶᠡᠯᠡᠭᠦᠯᠵᠦ᠂ ᠮᠣᠩᠭᠤᠯ ᠵᠠᠩᠭᠢᠵᠢᠯᠲᠠ᠎ᠶᠢᠨ ᠡᠷᠡᠭᠦᠯ ᠪᠥᠭᠡᠳ ᠲᠦᠷᠭᠡᠨ᠎ᠢᠶᠡᠷ ᠬᠥᠭᠵᠢᠬᠦ᠎ᠳᠤ ᠰᠠᠭᠤᠷᠢ ᠲᠠᠯᠪᠢᠵᠠᠢ᠃
ᠲᠥᠷᠦᠯ ᠵᠦᠢᠯ᠎ᠤᠨ ᠰᠤᠳᠤᠯᠤᠨ ᠬᠥᠭᠵᠢᠭᠦᠯᠦᠯᠲᠡ᠎ᠶᠢᠨ ᠶᠠᠪᠤᠴᠠ᠎ᠳᠤ᠂ ᠰᠣᠹᠲᠸᠠᠢᠷᠤᠨ ᠵᠣᠬᠢᠶᠠᠨ ᠪᠦᠲᠦᠭᠡᠬᠦ ᠡᠷᠬᠡ 11 ᠵᠦᠢᠯ᠂ ᠦᠷ᠎ᠡ ᠪᠦᠲᠦᠭᠡᠯ᠎ᠤᠨ ᠬᠢᠨᠠᠨ ᠲᠣᠭᠲᠠᠭᠠᠯᠲᠠ 2 ᠵᠦᠢᠯ᠂ ᠦᠢᠯᠡᠳᠬᠦᠨ᠎ᠤ ᠳᠠᠩᠰᠠᠯᠠᠭᠤᠯᠤᠯᠲᠠ 2 ᠵᠦᠢᠯ᠂ ᠪᠠᠷᠢᠮᠵᠢᠶ᠎ᠠ ᠳᠦᠷᠢᠮᠵᠢᠯ 13 ᠵᠦᠢᠯ᠎ᠢ ᠣᠯᠵᠤ᠂ ᠱᠢᠨᠵᠢᠯᠡᠬᠦ ᠤᠬᠠᠭᠠᠨ ᠮᠡᠷᠭᠡᠵᠢᠯ᠎ᠤᠨ ᠱᠢᠨ᠎ᠡ ᠡᠭᠦᠳᠦᠯᠲᠡ᠎ᠶᠢᠨ ᠪᠠᠢᠴᠠᠭᠠᠯᠲᠠ᠎ᠪᠡᠷ ᠳᠠᠮᠵᠢᠭᠤᠯᠤᠨ 12 ᠵᠦᠢᠯ᠎ᠤᠨ ᠰᠤᠳᠤᠯᠤᠨ ᠬᠥᠭᠵᠢᠭᠦᠯᠬᠦ ᠦᠷ᠎ᠡ ᠪᠦᠲᠦᠭᠡᠯ᠎ᠢ ᠨᠤᠲᠠᠯᠠᠨ ᠲᠣᠭᠲᠠᠭᠠᠭᠰᠠᠨ ᠪᠠᠢᠨ᠎ᠠ᠂ ᠡᠨᠡ᠎ᠨᠢ ᠤᠯᠤᠰ᠎ᠤᠨ ᠳᠣᠲᠤᠭᠠᠳᠤ᠎ᠳᠤ ᠲᠡᠷᠢᠭᠦᠯᠡᠵᠡᠢ᠃ ᠲᠤᠰ ᠲᠥᠷᠦᠯ ᠵᠦᠢᠯ᠎ᠢᠶᠡᠷ ᠰᠠᠭᠤᠷᠢ ᠪᠣᠯᠭᠠᠵᠤ ᠰᠤᠳᠤᠯᠤᠨ ᠬᠥᠭᠵᠢᠭᠦᠯᠦᠭᠰᠡᠨ ᠮᠣᠩᠭᠤᠯ (ᠤᠯᠠᠨ ᠬᠡᠯᠡᠨ᠎ᠤ) ᠳ᠋ᠢᠭᠢᠲ ᠬᠡᠪᠯᠡᠯ᠂ ᠰᠦᠯᠵᠢᠶᠡᠨ᠎ᠤ ᠰᠤᠷᠭᠠᠨ ᠬᠥᠮᠦᠵᠢᠯ᠂ e ᠬᠤᠳᠠᠯᠳᠤᠭᠠᠨ᠎ᠤ ᠱᠢᠷᠢᠰ ᠲᠠᠪᠴᠠᠩ ᠪᠠ ᠰᠠᠭᠤᠷᠢ ᠰᠣᠹᠲᠧᠠᠢᠷ᠎ᠤᠨ ᠪᠠᠭᠠᠵᠢ᠎ᠶᠢᠨ ᠦᠢᠯᠡᠳᠬᠦᠨ᠎ᠤ ᠲᠥᠷᠦᠯ ᠵᠦᠢᠯ᠎ᠨᠢ 54 ᠪᠣᠯᠵᠤ᠂ ᠮᠣᠩᠭᠤᠯ ᠮᠡᠳᠡᠭᠡ ᠵᠠᠩᠭᠢ᠎ᠶᠢᠨ ᠮᠡᠷᠭᠡᠵᠢᠯ᠎ᠤᠨ ᠬᠦᠷᠢᠶ᠎ᠡ ᠴᠠᠷᠠᠭᠠᠨ᠎ᠳᠤ ᠱᠢᠷᠢᠰᠵᠢᠭᠰᠡᠨ᠂ ᠬᠡᠪᠴᠢᠶᠡᠵᠢᠭᠰᠡᠨ ᠨᠡᠷᠡᠲᠦ ᠲᠡᠮᠳᠡᠭ᠎ᠤᠨ ᠨᠥᠯᠦᠭᠡ ᠦᠢᠯᠡᠳᠦᠯ᠎ᠢ ᠠᠯᠬᠤᠮ ᠠᠯᠬᠤᠮ᠎ᠢᠶᠡᠷ ᠪᠤᠢ ᠪᠣᠯᠭᠠᠭᠰᠠᠨ ᠪᠠᠢᠨ᠎ᠠ᠃
ᠲᠤᠰ ᠲᠥᠷᠦᠯ ᠵᠦᠢᠯ᠎ᠤᠨ ᠱᠢᠨᠡᠴᠢᠯᠡᠯᠲᠡ ᠬᠢᠭᠰᠡᠨ ᠲᠠᠯ᠎ᠠ ᠭᠡᠪᠡᠯ᠄ ᠬᠠᠮᠤᠭ᠎ᠤᠨ ᠲᠡᠷᠢᠭᠦᠨ᠎ᠳᠤ ᠮᠣᠩᠭᠤᠯ ᠺᠣᠳ᠋᠎ᠤᠨ ᠤᠯᠠᠨ ᠤᠯᠤᠰ᠎ᠤᠨ ᠪᠠᠷᠢᠮᠵᠢᠶ᠎ᠠ᠎ᠳᠤ ᠰᠠᠭᠤᠷᠢᠯᠠᠭᠰᠠᠨ ᠪᠦᠬᠦ ᠵᠠᠭᠤᠴᠢᠯᠠᠭᠤᠷ᠎ᠤᠨ ᠣᠷᠤᠭᠤᠯᠵᠤ ᠭᠠᠷᠭᠠᠬᠤ ᠱᠢᠰᠲᠧᠮ᠎ᠤᠨ ᠳᠡᠰ᠎ᠤᠨ ᠭᠣᠤᠯᠯᠠᠭᠴᠢ ᠮᠡᠷᠭᠡᠵᠢᠯ ᠵᠢᠴᠢ ᠰᠠᠭᠤᠷᠢ ᠰᠣᠹᠲᠧᠠᠢᠷ᠎ᠤᠨ ᠴᠤᠭᠯᠠᠷᠠᠯ᠎ᠢ ᠰᠤᠳᠤᠯᠤᠨ ᠨᠡᠭᠡᠭᠡᠵᠦ᠂ ᠬᠠᠮᠤᠭ᠎ᠤᠨ ᠲᠡᠷᠢᠭᠦᠨ᠎ᠳᠤ ᠮᠣᠩᠭᠤᠯ ᠳ᠋ᠢᠭᠢᠲ ᠬᠡᠪᠯᠡᠯ ᠵᠢᠴᠢ ᠡᠬᠢ ᠪᠠᠶᠠᠯᠢᠭ᠎ᠤᠨ ᠪᠠᠢᠭᠤᠯᠤᠯᠲᠠ᠎ᠶᠢᠨ ᠬᠠᠮᠲᠤ ᠡᠳ᠋ᠯᠡᠬᠦ ᠪᠠᠷᠢᠮᠵᠢᠶ᠎ᠠ ᠳᠦᠷᠢᠮᠵᠢᠯ᠎ᠢ ᠰᠤᠳᠤᠯᠤᠨ ᠭᠠᠷᠭᠠᠵᠤ᠂ ᠬᠠᠮᠤᠭ᠎ᠤᠨ ᠲᠡᠷᠢᠭᠦᠨ᠎ᠳᠤ ᠮᠣᠩᠭᠤᠯ ᠳ᠋ᠢᠭᠢᠲ ᠬᠡᠪᠯᠡᠯ᠎ᠤᠨ ᠲᠤᠬᠠᠢᠯᠠᠭᠰᠠᠨ ᠠᠵᠢᠯ᠎ᠤᠨ ᠶᠡᠷᠦᠩᠬᠡᠢᠯᠡᠭᠰᠡᠨ ᠦᠢᠯᠡᠴᠢᠯᠡᠭᠡᠨ᠎ᠤ ᠲᠠᠪᠴᠠᠩ᠂ ᠬᠠᠮᠢᠶᠠᠷᠤᠯᠲᠠ᠎ᠶᠢᠨ ᠱᠢᠰᠲᠧᠮ ᠵᠢᠴᠢ ᠮᠣᠩᠭᠤᠯ ᠬᠢᠲᠠᠳ ᠪᠦᠬᠦ ᠵᠠᠭᠤᠴᠢᠯᠠᠭᠤᠷ᠎ᠤᠨ e ᠬᠤᠳᠠᠯᠳᠤᠭ᠎ᠠ ᠬᠢᠭᠡᠳ ᠰᠦᠯᠵᠢᠶᠡᠨ ᠳᠡᠭᠡᠷᠡᠬᠢ ᠤᠩᠱᠢᠭᠤᠶᠢᠨ ᠱᠢᠰᠲᠧᠮ᠎ᠢ ᠰᠤᠳᠤᠯᠤᠨ ᠪᠡᠶᠡᠯᠡᠭᠦᠯᠵᠦ᠂ ᠮᠣᠩᠭᠤᠯ ᠬᠡᠪᠯᠡᠯ᠎ᠤᠨ ᠦᠢᠯᠡᠰ᠎ᠤᠨ ᠤᠯᠠᠨ ᠲᠠᠪᠴᠠᠩ᠎ᠤᠨ ᠠᠭᠤᠯᠭ᠎ᠠ᠎ᠶᠢ ᠨᠡᠢᠯᠡᠭᠦᠯᠦᠨ ᠨᠢᠭᠡᠳᠭᠡᠬᠦ᠂ ᠤᠯᠠᠨ ᠲᠡᠭᠦᠰᠭᠡᠯ ᠦᠵᠦᠭᠦᠷ᠎ᠢ ᠲᠤᠬᠢᠷᠠᠯᠴᠠᠭᠤᠯᠬᠤ᠂ ᠤᠯᠠᠨ ᠲᠠᠯ᠎ᠠ᠎ᠪᠠᠷ ᠨᠡᠢᠲᠡᠯᠡᠬᠦ ᠵᠡᠷᠭᠡ ᠪᠦᠬᠦ ᠵᠠᠭᠤᠴᠢᠯᠠᠭᠤᠷ᠎ᠤᠨ ᠬᠥᠳᠡᠯᠦᠩᠭᠦᠢ ᠳ᠋ᠢᠭᠢᠲ ᠬᠡᠪᠯᠡᠯ᠎ᠤᠨ ᠵᠠᠩᠭᠢᠯᠠᠭ᠎ᠠ᠎ᠶᠢᠨ ᠮᠡᠷᠭᠡᠵᠢᠯ᠎ᠤᠨ ᠬᠦᠴᠢᠷᠳᠡᠯ ᠵᠢᠴᠢ ᠮᠣᠩᠭᠤᠯ ᠨᠣᠮ ᠰᠡᠳᠭᠦᠯ᠎ᠤᠨ ᠰᠦᠯᠵᠢᠶᠡᠨ ᠳᠡᠭᠡᠷᠡᠬᠢ ᠪᠣᠷᠤᠯᠠᠭᠤᠯᠭ᠎ᠠ ᠬᠢᠭᠡᠳ ᠳ᠋ᠢᠭᠢᠲ ᠠᠭᠤᠯᠭ᠎ᠠ᠎ᠶᠢᠨ ᠰᠦᠯᠵᠢᠶᠡᠨ ᠳᠡᠭᠡᠷᠡᠬᠢ ᠵᠠᠬᠢᠶᠠᠯᠠᠨ ᠤᠩᠱᠢᠬᠤ / ᠵᠠᠬᠢᠶᠠᠯᠠᠨ ᠦᠵᠡᠬᠦ ᠮᠡᠷᠭᠡᠵᠢᠯ᠎ᠤᠨ ᠬᠦᠴᠢᠷᠳᠡᠯ᠎ᠢ ᠱᠢᠢᠳᠪᠦᠷᠢᠯᠡᠵᠦ᠂ ᠮᠣᠩᠭᠤᠯ ᠰᠣᠨᠢᠨ ᠮᠡᠳᠡᠭᠡ ᠬᠡᠪᠯᠡᠯ᠎ᠤᠨ ᠦᠢᠯᠡᠰ᠎ᠤᠨ ᠳ᠋ᠢᠭᠢᠲᠴᠢᠯᠡᠯᠲᠡᠶᠢᠨ ᠬᠡᠯᠪᠡᠷᠢ᠎ᠪᠠᠨ ᠬᠤᠪᠢᠷᠠᠭᠤᠯᠵᠤ ᠳᠡᠰ ᠳᠡᠪᠱᠢᠬᠦ᠎ᠳᠤ ᠪᠠᠲᠤ ᠰᠠᠭᠤᠷᠢ᠎ᠶᠢ ᠲᠠᠯᠪᠢᠵᠤ᠂ ᠮᠣᠩᠭᠤᠯ ᠵᠠᠩᠭᠢ᠎ᠶᠢᠨ ᠮᠡᠷᠭᠡᠵᠢᠯ᠎ᠤᠨ ᠰᠤᠳᠤᠯᠤᠯᠲᠠ ᠬᠥᠭᠵᠢᠯᠲᠡ ᠬᠢᠭᠡᠳ ᠥᠷᠭᠡᠨ ᠬᠦᠷᠢᠶ᠎ᠡ ᠴᠠᠷᠠᠭ᠎ᠠ᠎ᠶᠢᠨ ᠬᠡᠷᠡᠭᠯᠡᠭᠡᠨ᠎ᠤ ᠱᠢᠨ᠎ᠡ ᠠᠮᠢ ᠠᠬᠤᠢ᠎ᠶᠢ ᠡᠭᠦᠳᠦᠭᠰᠡᠨ ᠪᠠᠢᠨ᠎ᠠ᠃