ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ ᠪᠠᠰᠠ ᠨᠢᠭᠡᠨ ᠴᠢᠬᠤᠯᠠ ᠶᠡᠬᠡ ᠫᠷᠤᠵᠸᠺᠲ᠎ᠢ ᠳᠡᠬᠦᠯᠳᠡᠷᠵᠢᠬᠦᠯᠦᠨ ᠱᠢᠯᠭᠠᠨ ᠬᠤᠷᠢᠶᠠᠬᠤ᠎ᠳᠤ ᠳᠡᠪᠱᠢᠭᠦᠯᠦᠭᠰᠡᠨ ᠪᠠ ᠫᠷᠤᠵᠸᠺᠲ᠎ᠤᠨ ᠦᠷ᠎ᠡ ᠪᠦᠲᠦᠭᠡᠯ᠎ᠢ ᠱᠢᠯᠵᠢᠭᠦᠯᠦᠨ ᠳᠤᠱᠢᠶᠠᠪᠠ
2020.08.25

  2020 ᠣᠨ᠎ᠤ 8 ᠰᠠᠷ᠎ᠠ᠎ᠶᠢᠨ 19᠎ᠦ ᠦᠳᠡ᠎ᠶᠢᠨ ᠬᠣᠢᠨ᠎ᠠ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠡᠴᠡ ᠥᠪᠤᠷ ᠮᠣᠩᠭᠤᠯ᠎ᠤᠨ ᠦᠢᠯᠡᠰ ᠪᠠᠭᠤᠳᠠᠯ᠎ᠳᠤ ᠫᠷᠤᠵᠸᠺᠲ᠎ᠢ ᠲᠡᠭᠦᠯᠳᠡᠷᠵᠢᠭᠦᠯᠦᠭᠰᠡᠨ᠎ᠢ ᠬᠢᠨᠠᠨ ᠳᠤᠭᠳᠠᠭᠠᠬᠤ ᠵᠢᠴᠢ ᠦᠷ᠎ᠡ ᠪᠦᠳᠦᠬᠡᠯ᠎ᠢ ᠱᠢᠯᠵᠢᠭᠦᠯᠦᠨ ᠳᠤᠱᠢᠶᠠᠬᠤ ᠬᠤᠷᠠᠯ ᠡᠷᠬᠢᠯᠡᠵᠦ᠂ 《ᠦᠨᠳᠦᠰᠦᠳᠡᠨ᠎ᠦ ᠰᠣᠶᠤᠯ ᠱᠢᠨᠵᠢᠯᠡᠭᠡᠨ᠎ᠦ ᠪᠦᠳᠦᠭᠡᠭᠳᠡᠬᠦᠨ᠎ᠳᠤ ᠬᠠᠨᠳᠤᠭᠤᠯᠤᠭᠰᠠᠨ AR ᠮᠡᠷᠭᠡᠵᠢᠯ᠎ᠦᠨ ᠠᠵᠤ ᠦᠢᠯᠡᠰᠴᠢᠯᠡᠯᠳᠡ᠎ᠶᠢᠨ ᠵᠢᠱ᠌ᠢᠶ᠎ᠡ ᠦᠵᠡᠭᠦᠯᠭᠡ᠎ᠶᠢᠨ ᠫᠷᠤᠵᠸᠺᠲ᠎ᠢ ᠵᠢᠩᠬᠢᠨᠢ᠎ᠪᠡᠷ ᠱᠢᠯᠵᠢᠭᠦᠯᠦᠨ ᠳᠤᠱᠢᠶᠠᠪᠠ᠃ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠤᠨ ᠠᠵᠢᠯᠴᠢᠨ᠎ᠤ ᠡᠪᠯᠡᠯ᠎ᠦᠨ ᠳᠡᠷᠢᠬᠦᠯᠡᠭᠴᠢ᠂ ᠫᠷᠤᠵᠸᠺᠲ᠎ᠤᠨ ᠳᠤᠭᠤᠢᠯᠠᠩ᠎ᠤᠨ ᠳᠠᠷᠤᠭ᠎ᠠ ᠮᠥᠩᠬᠡ᠂ ᠥᠪᠦᠷ ᠮᠣᠩᠭᠤᠯ᠎ᠤᠨ ᠰᠤᠷᠭᠠᠨ ᠬᠥᠮᠦᠵᠢᠯ᠎ᠦᠨ ᠬᠡᠪᠯᠡᠯ᠎ᠦᠨ ᠬᠣᠷᠢᠶᠠᠨ᠎ᠤ ᠶᠡᠷᠦᠩᠬᠡᠢ ᠨᠠᠢᠷᠠᠭᠤᠯᠤᠭᠴᠢ᠂ ᠫᠷᠤᠵᠸᠺᠲ᠎ᠤᠨ ᠳᠤᠭᠤᠢᠯᠠᠩ᠎ᠤᠨ ᠳᠡᠳ᠋ ᠳᠠᠷᠤᠭ᠎ᠠ ᠰᠸᠳᠠᠨᠵᠠᠪ ᠵᠡᠷᠭᠡ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠤᠨ ᠳᠦᠯᠦᠭᠡᠯᠡᠭᠴᠢ᠂ ᠥᠪᠦᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠤᠨ ᠶᠡᠷᠦᠩᠬᠡᠢ ᠳᠠᠭᠠᠭᠠᠮᠠᠯ᠎ᠤᠨ ᠳᠤᠰᠠᠯᠠᠭᠴᠢ᠂ ᠠᠱᠢᠳᠠ ᠺᠣᠮᠫᠠᠨᠢ᠎ᠶᠢᠨ ᠬᠡᠷᠡᠭ ᠮᠡᠳᠡᠭᠴᠢᠳ᠎ᠦᠨ ᠳᠠᠷᠤᠭ᠎ᠠ ᠳᠡᠪᠡᠯᠬᠦᠤ᠂ ᠥᠪᠤᠷ ᠮᠣᠩᠭᠤᠯ᠎ᠤᠨ ᠠᠱᠢᠳᠠ ᠺᠣᠮᠫᠠᠨᠢ᠎ᠶᠢᠨ ᠶᠡᠷᠦᠩᠬᠡᠢ ᠳᠠᠭᠠᠭᠠᠮᠠᠯ᠂ ᠫᠷᠤᠵᠸᠺᠲ᠎ᠤᠨ ᠳᠤᠭᠤᠢᠯᠠᠩ᠎ᠤᠨ ᠳᠡᠳ᠋ ᠳᠠᠷᠤᠭ᠎ᠠ ᠵᠤᠷᠢᠭᠳᠤ ᠵᠡᠷᠭᠡ ᠫᠷᠤᠵᠸᠺᠲ᠎ᠢ ᠳᠠᠭᠠᠭᠠᠴᠢᠯᠠᠨ ᠬᠢᠭᠰᠡᠨ ᠨᠢᠭᠡᠴᠢ᠎ᠶᠢᠨ ᠳᠦᠯᠦᠭᠡᠯᠡᠭᠴᠢ᠂ ᠥᠪᠦᠷ ᠮᠣᠩᠭᠤᠯ᠎ᠤᠨ ᠠ ᠱᠢᠨ᠎ᠳᠠ ᠰᠤᠷᠭᠠᠨ ᠬᠥᠮᠦᠵᠢᠯ᠎ᠦᠨ ᠱᠢᠨᠵᠢᠯᠡᠬᠦ ᠤᠬᠠᠭᠠᠨ ᠮᠡᠷᠭᠡᠵᠢᠯ᠎ᠦᠨ ᠬᠢᠵᠠᠭᠠᠷᠳᠤ ᠺᠣᠮᠫᠠᠨᠢ᠎ᠶᠢᠨ ᠶᠡᠷᠦᠩᠬᠡᠢ ᠳᠠᠭᠠᠭᠠᠮᠠᠯ᠂ ᠫᠷᠤᠵᠸᠺᠲ᠎ᠤᠨ ᠳᠤᠭᠤᠢᠯᠠᠩ᠎ᠤᠨ ᠳᠡᠳ᠋ ᠳᠠᠷᠤᠭ᠎ᠠ ᠰᠦᠩ ᠲᠢᠶᠠᠨ ᠯᠢᠶᠠᠩ᠂ ᠥᠪᠤᠷ ᠮᠣᠩᠭᠤᠯ᠎ᠤᠨ ᠠ ᠱᠢᠨ᠎ᠳᠠ ᠰᠤᠷᠭᠠᠨ ᠬᠥᠮᠦᠵᠢᠯ᠎ᠦᠨ ᠱᠢᠨᠵᠢᠯᠡᠬᠦ ᠤᠬᠠᠭᠠᠨ ᠮᠡᠷᠭᠡᠵᠢᠯ᠎ᠦᠨ ᠬᠢᠵᠠᠭᠠᠷᠳᠤ ᠺᠣᠮᠫᠠᠨᠢ᠎ᠶᠢᠨ ᠰᠤᠳᠤᠯᠤᠨ ᠡᠬᠦᠳᠦᠯᠳᠡ᠎ᠶᠢᠨ ᠶᠡᠷᠦᠩᠬᠡᠢ ᠬᠢᠨᠠᠭᠴᠢ ᠵᠸᠦ ᠬᠠᠢ ᠶᠠᠨ ᠵᠡᠷᠭᠡ ᠫᠷᠤᠵᠸᠺᠲ᠎ᠢ ᠭᠠᠷᠳᠠᠨ ᠬᠢᠭᠰᠡᠨ ᠨᠢᠭᠡᠴᠢ᠎ᠶᠢᠨ ᠳᠦᠯᠦᠬᠡᠯᠡᠭᠴᠢ ᠵᠢᠴᠢ ᠴᠢ ᠶᠦᠩ ᠱᠸᠩ᠂ ᠡᠦ ᠸᠸᠢ᠂ ᠵᠤᠤ ᡁᠢ ᠮᠢᠩ᠂ ᠵᠤᠤ ᠵᠸᠨ᠂ ᠪᠦᠷᠭᠦᠳ ᠵᠡᠷᠭᠡ ᠳᠠᠪᠤᠨ ᠬᠢᠨᠠᠨ ᠳᠤᠭᠳᠠᠭᠠᠬᠤ ᠳᠤᠰᠭᠠᠢ ᠮᠡᠷᠬᠡᠵᠢᠯᠳᠡᠨ ᠬᠤᠷᠠᠯ᠎ᠳᠤ ᠣᠷᠤᠯᠴᠠᠪᠠ᠃  

ᠬᠤᠷᠠᠯ᠎ᠤᠨ ᠠᠬᠤᠢ ᠳᠠᠯᠠᠪᠠᠢ
ᠪᠦᠯᠦᠭᠯᠡᠯ᠎ᠦᠨ ᠠᠵᠢᠯᠴᠢᠨ᠎ᠤ ᠡᠪᠯᠡᠯ᠎ᠦᠨ ᠳᠡᠷᠢᠬᠦᠯᠡᠭᠴᠢ᠂ ᠫᠷᠤᠵᠸᠺᠲ᠎ᠤᠨ ᠳᠤᠭᠤᠢᠯᠠᠩ᠎ᠤᠨ ᠳᠠᠷᠤᠭ᠎ᠠ ᠮᠥᠩᠬᠡ ᠬᠤᠷᠠᠯ ᠡᠷᠬᠢᠯᠡᠵᠤ ᠪᠠᠢᠭ᠎ᠠ᠎ᠨᠢ

   《ᠦᠨᠳᠦᠰᠦᠳᠡᠨ᠎ᠦ ᠰᠣᠶᠤᠯ ᠱᠢᠨᠵᠢᠯᠡᠭᠡᠨ᠎ᠦ ᠪᠦᠳᠦᠭᠡᠭᠳᠡᠬᠦᠨ᠎ᠳᠤ ᠬᠠᠨᠳᠤᠭᠤᠯᠤᠭᠰᠠᠨ AR ᠮᠡᠷᠭᠡᠵᠢᠯ᠎ᠦᠨ ᠠᠵᠤ ᠦᠢᠯᠡᠰᠴᠢᠯᠡᠯᠳᠡ᠎ᠶᠢᠨ ᠵᠢᠱ᠌ᠢᠶ᠎ᠡ ᠦᠵᠡᠭᠦᠯᠭᠡ᠎ᠶᠢᠨ ᠫᠷᠤᠵᠸᠺᠲ ᠪᠣᠯ ᠥᠪᠤᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠦᠨ ᠰᠣᠶᠤᠯ ᠱᠢᠨᠵᠢᠯᠡᠬᠦ ᠤᠬᠠᠭᠠᠨ ᠮᠡᠷᠭᠡᠵᠢᠯ᠎ᠦᠨ ᠬᠠᠮ ᠬᠦᠭᠵᠢᠯᠳᠠ᠎ᠶᠢ ᠠᠬᠢᠭᠤᠯᠤᠨ᠂ ᠱᠢᠨ᠎ᠡ ᠬᠡᠯᠪᠡᠷᠢ᠎ᠶᠢᠨ ᠠᠵᠤ ᠦᠢᠯᠡᠰ᠎ᠢ ᠬᠥᠪᠦᠷᠡᠭᠦᠯᠦᠨ ᠪᠤᠢᠵᠢᠭᠤᠯᠵᠦ᠂ ᠰᠣᠶᠤᠯ᠎ᠤᠨ ᠠᠵᠤ ᠦᠢᠯᠡᠰ᠎ᠦᠨ ᠪᠦᠳᠦᠴᠡ᠎ᠶᠢᠨ ᠬᠡᠯᠪᠡᠷᠢ ᠰᠣᠯᠢᠨ ᠳᠡᠰ ᠳᠡᠪᠱᠢᠬᠦ᠎ᠶᠢ ᠳᠦᠯᠬᠢᠨ ᠠᠬᠢᠭᠤᠯᠬᠤ ᠭᠤᠤᠯᠳᠠᠯᠭᠠᠳᠤ ᠫᠷᠤᠵᠸᠺᠲ ᠪᠣᠯᠤᠨ᠎ᠠ᠃ ᠳᠤᠰ ᠫᠷᠤᠵᠸᠺᠲ᠎ᠢ 2017 ᠣᠨ᠎ᠤ 8 ᠰᠠᠷ᠎ᠠ᠎ᠡᠴᠡ ᠡᠬᠢᠯᠡᠨ ᠬᠢᠵᠦ᠂ ᠭᠤᠷᠪᠠᠨ ᠵᠢᠯ᠎ᠤᠨ ᠴᠢᠷᠮᠠᠢᠯᠭ᠎ᠠ᠎ᠪᠡᠷ ᠳᠠᠮᠵᠢᠨ 2019 ᠣᠨ᠎ᠤ ᠡᠴᠦᠰ᠎ᠢᠶᠡᠷ ᠱᠢᠯᠭᠠᠨ ᠬᠤᠷᠢᠶᠠᠬᠤ᠎ᠳᠤ ᠳᠡᠪᠱᠢᠭᠦᠯᠪᠡ᠃ ᠡᠨᠡ᠎ᠬᠦ ᠱᠢᠯᠭᠠᠨ ᠬᠤᠷᠢᠶᠠᠯᠳᠠ᠎ᠳᠤ ᠳᠤᠰᠭᠠᠢ ᠮᠡᠷᠬᠡᠵᠢᠯᠳᠡᠳ᠎ᠦᠨ ᠳᠤᠷᠠᠳᠤᠭᠰᠠᠨ ᠬᠠᠮᠢᠶ᠎ᠠ ᠪᠦᠬᠦᠢ ᠰᠠᠨᠠᠯ᠎ᠢ ᠦᠨᠳᠦᠰᠦᠯᠡᠨ ᠫᠷᠤᠵᠸᠺᠲ᠎ᠢ ᠨᠥᠬᠦᠨ ᠲᠡᠭᠦᠯᠳᠡᠷᠵᠢᠭᠦᠯᠵᠦ᠂ ᠡᠨᠡ ᠤᠳᠠᠭᠠᠨ᠎ᠤ ᠬᠤᠷᠠᠯ᠎ᠳᠤ ᠳᠠᠬᠢᠨ ᠱᠢᠯᠭᠠᠨ ᠬᠤᠷᠢᠶᠠᠬᠤ᠎ᠳᠤ ᠳᠡᠪᠱᠢᠭᠦᠯᠬᠦ᠎ᠶᠢᠨ ᠬᠠᠮᠳᠤ ᠫᠷᠤᠵᠸᠺᠲ᠎ᠤᠨ ᠦᠷ᠎ᠡ ᠪᠦᠳᠦᠬᠡᠯ ᠪᠣᠯᠤᠨ ᠡᠵᠡᠩᠨᠡᠯᠳᠡ᠎ᠶᠢ ᠱᠢᠯᠵᠢᠭᠦᠯᠦᠨ ᠳᠤᠱᠢᠶᠠᠭᠰᠠᠨ ᠪᠠᠢᠨ᠎ᠠ᠃

ᠫᠷᠤᠵᠸᠺᠲ᠎ᠤᠨ ᠦᠷ᠎ᠡ ᠪᠦᠳᠦᠬᠡᠯ᠎ᠢ ᠱᠢᠯᠵᠢᠭᠦᠯᠦᠨ ᠳᠤᠱᠢᠶᠠᠵᠤ ᠪᠠᠢᠭ᠎ᠠ᠎ᠨᠢ
ᠫᠷᠤᠵᠸᠺᠲ᠎ᠤᠨ ᠦᠷ᠎ᠡ ᠪᠦᠳᠦᠬᠡᠯ᠎ᠢ ᠱᠢᠯᠵᠢᠭᠦᠯᠦᠨ ᠳᠤᠱᠢᠶᠠᠵᠤ ᠪᠠᠢᠭ᠎ᠠ᠎ᠨᠢ
ᠫᠷᠤᠵᠸᠺᠲ᠎ᠢ ᠬᠢᠨᠠᠨ ᠳᠤᠭᠳᠠᠭᠠᠬᠤ ᠳᠤᠰᠭᠠᠢ ᠮᠡᠷᠬᠡᠵᠢᠯᠳᠠᠨ᠎ᠤ ᠳᠤᠭᠤᠢᠯᠠᠩ
ᠫᠷᠤᠵᠸᠺᠲ᠎ᠢ ᠭᠠᠷᠳᠠᠨ ᠬᠢᠭᠰᠡᠨ ᠤᠳᠤᠷᠢᠳᠭᠤ ᠳᠤᠭᠤᠢᠯᠠᠩ᠎ᠤᠨ ᠪᠦᠬᠦ ᠬᠡᠱᠢᠬᠦᠨ

  ᠳᠤᠰ ᠫᠷᠤᠵᠸᠺᠲ᠎ᠨᠢ ᠦᠨᠳᠦᠰᠦᠳᠡᠨ᠎ᠦ ᠰᠣᠶᠤᠯ᠎ᠤᠨ ᠤᠯᠠᠮᠵᠢᠯᠠᠯ ᠪᠠ ᠬᠦᠭᠵᠢᠯᠳᠡ᠎ᠶᠢ ᠰᠤᠳᠤᠯᠬᠤ᠂ ᠱᠢᠨ᠎ᠡ ᠬᠡᠯᠪᠡᠷᠢ᠎ᠶᠢᠨ ᠰᠣᠶᠤᠯ ᠤᠷᠠᠯᠢᠭ ᠬᠢᠭᠡᠳ ᠰᠤᠷᠭᠠᠨ ᠬᠦᠮᠦᠵᠢᠯ᠎ᠤᠨ ᠪᠦᠳᠦᠬᠡᠭᠳᠡᠬᠦᠨ᠎ᠢ ᠰᠤᠳᠤᠯᠤᠨ ᠡᠭᠦᠳᠬᠦ᠂ ᠰᠣᠶᠤᠯ ᠵᠢᠭᠤᠯᠴᠢᠯᠠᠯ᠂ ᠠᠵᠤ ᠦᠢᠯᠡᠳᠪᠦᠷᠢ᠎ᠶᠢᠨ ᠳᠠᠭᠤᠷᠢᠶᠠᠮᠠᠯ ᠳᠦᠰᠦᠪᠯᠡᠯ ᠵᠢᠴᠢ ᠦᠢᠯᠡᠳᠪᠦᠷᠢᠯᠡᠯ ᠵᠡᠷᠭᠡ ᠤᠯᠠᠨ ᠬᠦᠷᠢᠶ᠎ᠡ ᠴᠠᠷᠠᠭᠠᠨ᠎ᠤ ᠮᠡᠷᠭᠡᠵᠢᠯ ᠪᠠ ᠱᠢᠰᠲᠧᠮ᠎ᠢ ᠨᠢᠭᠡ ᠴᠣᠭᠴᠠᠵᠢᠭᠤᠯᠤᠨ ᠪᠦᠷᠢᠳᠦᠭᠦᠯᠪᠡ᠃ ᠡᠨᠡ᠎ᠨᠢ ᠥᠪᠦᠷ ᠮᠣᠩᠭᠤᠯ᠎ᠤᠨ ᠬᠡᠪᠯᠡᠯ᠂ ᠰᠤᠷᠭᠠᠨ ᠬᠥᠮᠦᠵᠢᠯ᠂ ᠰᠣᠶᠤᠯ᠂ ᠵᠢᠭᠤᠯᠴᠢᠯᠠᠯ ᠵᠢᠴᠢ ᠦᠨᠳᠦᠰᠦᠳᠡᠨ᠎ᠦ ᠰᠣᠶᠤᠯ᠎ᠤᠨ ᠤᠨᠴᠠᠯᠢᠭᠳᠤ ᠠᠵᠤ ᠠᠬᠤᠢ ᠵᠡᠷᠭᠡ ᠬᠦᠷᠢᠶᠡᠨ᠎ᠦ ᠬᠦᠭᠵᠢᠯᠳᠠ᠎ᠶᠢᠨ ᠬᠢᠷᠢ ᠳᠦᠪᠱᠢᠨ ᠪᠠ ᠬᠤᠷᠳᠤᠴᠠ᠎ᠶᠢ ᠪᠦᠬᠦ ᠲᠠᠯ᠎ᠠ᠎ᠪᠡᠷ ᠳᠡᠭᠡᠭᠱᠢᠯᠡᠭᠦᠯᠬᠦ ᠪᠣᠯᠤᠨ᠎ᠠ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604