ᠬᠥᠬᠡᠬᠤᠲᠠ᠎ᠳᠡᠬᠢ ᠬᠢᠩᠭᠠᠨ ᠨᠤᠲᠤᠭᠲᠡᠳ ᠲᠥᠷᠦᠭᠰᠡᠨ ᠨᠤᠲᠤᠭ᠎ᠲᠤ᠎ᠪᠠᠨ ᠲᠦᠮᠡ ᠭᠠᠷᠦᠢ ᠲᠠᠪᠳᠡᠷ ᠮᠣᠩᠭᠤᠯ ᠨᠣᠮ ᠬᠠᠨᠳᠢᠪᠯᠠᠯ᠎ᠠ
2019.12.31

  12 ᠰᠠᠷ᠎ᠠ᠎ᠶᠢᠨ 11᠎ᠤ ᠡᠳᠦᠷ᠂ ᠬᠢᠩᠭᠠᠨ ᠠᠢᠮᠠᠭ᠎ᠤᠨ᠎ᠰᠣᠶᠤᠯ ᠵᠤᠭᠠᠴᠠᠯ ᠪᠡᠶ᠎ᠡ᠎ᠶᠢᠨ ᠲᠠᠮᠢᠷ᠎ᠤᠨ ᠲᠣᠪᠴᠢᠶ᠎ᠠ᠎ᠡᠴᠡ ᠵᠣᠬᠢᠶᠠᠨ ᠪᠠᠢᠭᠤᠯᠤᠭᠰᠠᠨ 《ᠨᠤᠲᠤᠭᠴᠢ ᠰᠡᠳᠭᠢᠯᠭᠡ ᠬᠢᠩᠭᠠᠨ ᠲᠡᠢᠱᠢ ᠲᠡᠮᠡᠤᠯᠡᠵᠦ ᠶᠡᠬᠡ ᠬᠠᠢᠷ᠎ᠠ ᠨᠣᠮ᠎ᠤᠨ ᠬᠠᠭᠤᠳᠠᠰᠦᠨ᠎ᠠ ᠱ᠌ᠢᠩᠭᠡᠨᠡᠮ》 ᠭᠡᠬᠦ ᠬᠢᠩᠭᠠᠨ ᠠᠢᠮᠠᠭ᠎ᠤᠨ ᠨᠣᠮ᠎ᠤᠨ ᠰᠠᠩ᠎ᠳᠤ ᠮᠣᠩᠭᠤᠯ ᠨᠣᠮ ᠬᠠᠨᠳᠢᠪᠯᠠᠬᠤ ᠭᠣᠤᠯ ᠰᠡᠳᠦᠪᠲᠦ ᠠᠵᠢᠯᠯᠠᠭ᠎ᠠ ᠬᠥᠬᠡᠬᠤᠲᠠ᠎ᠳᠤ ᠶᠠᠪᠤᠭᠳᠠᠯ᠎ᠠ᠃ ᠠᠵᠢᠯᠯᠠᠭᠠᠨ᠎ᠳᠦ᠂ ᠰᠣᠨᠢᠨ ᠮᠡᠳᠡᠭᠡ ᠬᠡᠪᠯᠡᠯ᠎ᠤᠨ ᠪᠠᠢᠭᠤᠯᠭ᠎ᠠ ᠪᠣᠯᠤᠨ ᠶᠡᠬᠡ ᠳᠡᠭᠡᠳᠦ ᠰᠤᠷᠭᠠᠭᠤᠯᠢ᠂ ᠰᠤᠳᠤᠯᠭᠠᠨ᠎ᠤ ᠪᠠᠢᠭᠤᠯᠤᠮᠵᠢ ᠵᠢᠴᠢ ᠬᠢᠩᠭᠠᠨ ᠨᠤᠲᠤᠭᠲᠠᠢ ᠬᠥᠬᠡᠬᠤᠲᠠ᠎ᠳᠤ ᠠᠵᠢᠯᠯᠠᠵᠦ ᠠᠮᠢᠳᠦᠷᠠᠵᠦ ᠪᠠᠢᠭ᠎ᠠ ᠨᠤᠲᠤᠭ ᠨᠢᠭᠡᠲᠡᠳ᠎ᠡᠴᠡ ᠨᠠᠢᠳᠠ ᠲᠦᠮᠡ ᠭᠠᠷᠦᠢ ᠳᠡᠪᠲᠡᠷ ᠮᠣᠩᠭᠤᠯ ᠨᠣᠮ ᠬᠠᠨᠳᠢᠪᠯᠠᠭᠰᠠᠨ ᠪᠠᠢᠨ᠎ᠠ᠃

  ᠣᠢᠯᠠᠭᠠᠭᠰᠠᠨ ᠵᠢᠷ᠂ ᠬᠢᠩᠭᠠᠨ ᠠᠢᠮᠠᠭ᠎ᠤᠨ ᠨᠣᠮ᠎ᠤᠨ ᠰᠠᠩ 1991 ᠣᠨ᠎ᠳᠤ ᠪᠠᠢᠭᠤᠯᠤᠭᠳᠡᠵᠦ᠂ 2017 ᠣᠨ᠎ᠳᠤ ᠰᠢᠨ᠎ᠡ ᠪᠠᠭᠤᠴᠠ᠎ᠳᠤ᠎ᠪᠠᠨ ᠨᠡᠭᠦᠭᠰᠡᠨ᠎ᠶᠤᠮ᠃ ᠭᠡᠪᠡᠴᠦ᠂ ᠮᠣᠩᠭᠤᠯ ᠨᠣᠮ᠎ᠤᠨ ᠬᠠᠳᠠᠭᠠᠯᠠᠮᠵᠢ ᠠᠷᠠᠢ ᠭᠡᠵᠦ 3000 ᠭᠠᠷᠦᠢ ᠳᠡᠪᠲᠡᠷ ᠪᠠᠢᠵᠦ᠂ ᠮᠣᠩᠭᠤᠯ ᠤᠩᠱᠢᠭᠴᠢᠳ᠎ᠤᠨ ᠬᠡᠷᠡᠭᠴᠡᠭᠡ ᠱᠠᠭᠠᠷᠳᠠᠯᠭ᠎ᠠ᠎ᠶᠢ ᠬᠠᠩᠭ᠋ᠠᠵᠦ ᠳᠡᠢᠯᠬᠦ᠎ᠦᠭᠡᠢ ᠪᠠᠢᠵᠠᠢ᠃ 《ᠤᠭ ᠰᠠᠨᠠᠭ᠎ᠠ᠎ᠪᠠᠨ ᠦᠯᠦ ᠮᠠᠷᠲᠠᠨ ᠡᠭᠦᠷᠭᠡ ᠬᠠᠷᠢᠭᠤᠴᠠᠯᠭ᠎ᠠ᠎ᠪᠠᠨ ᠪᠠᠲᠦ ᠴᠡᠭᠡᠵᠢᠯᠡᠬᠦ》 ᠭᠣᠤᠯ ᠰᠡᠳᠦᠪᠲᠦ ᠬᠥᠮᠦᠵᠢᠯ᠎ᠤᠨ ᠠᠵᠢᠯᠯᠠᠭ᠎ᠠ ᠳᠤᠮᠳᠠ ᠬᠢᠩᠭᠠᠨ ᠠᠢᠮᠠᠭ᠎ᠤᠨ ᠰᠣᠶᠤᠯ ᠵᠤᠭᠠᠴᠠᠯ ᠪᠡᠶ᠎ᠡ᠎ᠶᠢᠨ ᠲᠠᠮᠢᠷ᠎ᠤᠨ ᠲᠣᠪᠴᠢᠶ᠎ᠠ᠎ᠶᠢᠨ ᠬᠢᠨ ᠠᠷᠠᠳ ᠣᠯᠡᠨ᠎ᠤ ᠢᠷᠡᠭᠦᠯᠦᠭᠰᠡᠨ 《ᠠᠢᠮᠠᠭ᠎ᠤᠨ ᠨᠣᠮ᠎ᠤᠨ ᠰᠠᠩ᠎ᠳᠤ ᠮᠣᠩᠭᠤᠯ ᠨᠣᠮ᠎ᠳᠤᠲᠠᠮᠠᠭ᠂ ᠲᠥᠷᠦᠯ ᠵᠦᠢᠯ᠎ᠨᠢ ᠴᠦ᠋ᠬᠡᠨ᠂ ᠮᠣᠩᠭᠤᠯ ᠠᠵᠢᠯᠲᠠᠨ᠎ᠤ ᠲᠣᠭ᠎ᠠ ᠪᠠᠭ᠎ᠠ ᠪᠠᠢᠨ᠎ᠠ》 ᠭᠡᠰᠡᠨ ᠰᠠᠨᠠᠯ ᠰᠠᠨᠠᠭᠤᠯᠭ᠎ᠠ᠎ᠶᠢ ᠲᠣᠰᠦᠨ ᠣᠯᠤᠭᠰᠠᠨ᠎ᠤ ᠳᠠᠷᠠᠭ᠎ᠠ᠂ ᠲᠤᠰᠭᠠᠢ ᠠᠵᠢᠯᠯᠠᠬᠤ ᠳᠤᠭᠤᠢᠯᠠᠩ ᠪᠠᠢᠭᠤᠯᠵᠦ ᠬᠢᠩᠭᠠᠨ ᠠᠢᠮᠠᠭ᠎ᠤᠨ ᠨᠣᠮ᠎ᠤᠨ ᠰᠠᠩ᠎ᠳᠤ ᠮᠣᠩᠭᠤᠯ ᠨᠣᠮ ᠪᠢᠴᠢᠭ᠎ᠤᠨ ᠬᠠᠳᠠᠭᠠᠯᠠᠮᠵᠢ᠎ᠶᠢᠨ ᠲᠤᠬᠠᠢ ᠪᠠᠢᠴᠠᠭᠠᠯᠠᠯᠲᠠ ᠬᠢᠭᠰᠡᠨ ᠰᠠᠭᠤᠷᠢᠨ ᠳᠡᠭᠡᠷ᠎ᠡ ᠬᠢᠩᠭᠠᠨ ᠠᠢᠮᠠᠭ᠎ᠤᠨ ᠨᠣᠮ᠎ᠤᠨ ᠰᠠᠩ᠎ᠳᠤ ᠮᠣᠩᠭᠤᠯ ᠨᠣᠮ ᠪᠢᠴᠢᠭ᠎ᠤᠨ ᠬᠡᠯᠲᠡᠰ᠎ᠢ ᠪᠡᠯᠡᠳᠬᠡᠨ ᠪᠠᠢᠭᠤᠯᠵᠦ᠂ 800 m²᠎ᠤᠨ ᠮᠣᠩᠭᠤᠯ ᠨᠣᠮ᠎ᠤᠨ ᠣᠩᠱ᠌ᠢᠯᠭ᠎ᠠ᠎ᠶᠢᠨ ᠥᠷᠦᠭᠡ ᠭᠠᠷᠭᠠᠵᠤ᠂ ᠠᠢᠮᠠᠭ᠎ᠤᠨ ᠨᠠᠮ᠎ᠤᠨ ᠬᠣᠷᠢᠶ᠎ᠠ᠂ ᠠᠢᠮᠠᠭ᠎ᠤᠨ ᠵᠠᠬᠢᠷᠭ᠎ᠠ᠎ᠡᠴᠡ ᠲᠤᠰᠭᠠᠢ ᠪᠡᠯᠡ ᠮᠥᠩᠭᠦ ᠪᠠ ᠴᠢᠳᠠᠪᠤᠷᠢᠲᠠᠨ ᠲᠣᠬᠢᠷᠠᠭᠤᠯᠵᠦ᠂ ᠥᠷᠭᠡᠨ ᠣᠯᠠᠨ ᠮᠣᠩᠭᠤᠯ ᠤᠩᠱᠢᠭᠴᠢᠳ᠎ᠲᠦ᠎ᠪᠡᠨ ᠨᠡᠩ ᠰᠠᠢᠨ ᠦᠢᠯᠡᠴᠢᠯᠡᠬᠦ᠎ᠪᠡᠷ ᠵᠣᠷᠢᠭ ᠨᠢᠭᠡᠲᠠᠢ ᠠᠵᠢᠯᠯᠠᠵᠦ ᠪᠠᠢᠭ᠎ᠠ᠎ᠶᠤᠮ᠃ ᠮᠥᠨ᠎ᠴᠦ᠂ ᠲᠤᠰ ᠨᠣᠮ᠎ᠤᠨ ᠰᠠᠩ᠎ᠤᠨ ᠬᠢᠨ ᠮᠣᠩᠭᠤᠯ ᠨᠣᠮ ᠪᠢᠴᠢᠭ ᠬᠤᠳᠠᠯᠳᠤᠨ ᠠᠪᠬᠤ᠂ ᠬᠠᠨᠳᠢᠪ ᠲᠣᠰᠭᠤ᠂ ᠬᠦᠷᠭᠡᠨ ᠬᠠᠳᠠᠭᠠᠯᠠᠭᠤᠯᠬᠤ ᠵᠡᠷᠭᠡ ᠣᠯᠠᠨ ᠠᠷᠭ᠎ᠠ ᠠᠪᠴᠠᠯ᠎ᠢᠶᠡᠷ ᠮᠣᠩᠭᠤᠯ ᠨᠣᠮ ᠪᠢᠴᠢᠭ᠎ᠤᠨ ᠴᠦ᠋ᠬᠡᠨ ᠪᠠᠢᠭ᠎ᠠ᠎ᠪᠠᠨ ᠨᠥᠬᠦᠪᠦᠷᠢᠯᠡᠬᠦ᠎ᠪᠡᠷ ᠪᠣᠢ᠃

   《ᠪᠢᠳᠡ ᠨᠤᠲᠤᠭ ᠨᠢᠭᠡᠲᠡᠳ ᠬᠢᠭᠡᠳ ᠡᠯ᠎ᠡ ᠡᠲᠡᠭᠡᠳ᠎ᠤᠨ ᠬᠠᠷᠠᠮ᠎ᠦᠭᠡᠢ ᠬᠠᠨᠳᠢᠪᠯᠠᠭᠰᠠᠨ ᠮᠣᠩᠭᠤᠯ ᠨᠣᠮ ᠪᠢᠴᠢᠭ᠎ᠢ ᠰᠠᠢᠲᠤᠷ ᠬᠠᠳᠠᠭᠠᠯᠠᠨ᠂ ᠲᠡᠭᠦᠨ᠎ᠤ ᠦᠢᠯᠡᠳᠦᠯ᠎ᠢ ᠭᠦᠢᠴᠡᠳ ᠪᠠᠳᠠᠷᠠᠭᠤᠯᠬᠤ᠎ᠪᠡᠷ ᠦᠯᠦ ᠪᠠᠷᠠᠨ ᠮᠣᠩᠭᠤᠯ ᠣᠩᠱ᠌ᠢᠯᠭ᠎ᠠ᠎ᠶᠢᠨ ᠥᠷᠦᠭᠡᠨ᠎ᠳᠤ᠎ᠪᠠᠨ ᠮᠣᠩᠭᠤᠯ ᠰᠣᠶᠤᠯ᠎ᠲᠠᠢ ᠬᠣᠯᠪᠤᠭᠳᠠᠭᠰᠠᠨ ᠣᠯᠠᠨ ᠵᠦᠢᠯ᠎ᠤᠨ ᠨᠡᠢᠭᠡᠮ᠎ᠤᠨ ᠠᠵᠢᠯᠯᠠᠭ᠎ᠠ᠎ᠶᠢ ᠡᠷᠬᠢᠯᠡᠨ ᠶᠠᠪᠤᠭᠳᠠᠭᠤᠯᠬᠤ᠎ᠪᠡᠷ ᠵᠣᠷᠢᠭ ᠱᠢᠭᠤᠳᠴᠦ ᠪᠠᠢᠨ᠎ᠠ᠃ ᠮᠥᠨ᠎ᠴᠦ᠂ ᠨᠡᠢᠭᠡᠮ᠎ᠤᠨ ᠡᠯ᠎ᠡ ᠡᠲᠡᠭᠡᠳ᠎ᠤᠨ ᠬᠠᠯᠠᠭᠤᠨ ᠰᠡᠳᠭᠢᠯᠲᠦ ᠬᠥᠮᠦᠰ᠎ᠤᠨ ᠬᠢᠩᠭᠠᠨ ᠠᠢᠮᠠᠭ᠎ᠤᠨ ᠨᠣᠮ᠎ᠤᠨ ᠰᠠᠩ᠎ᠤᠨ ᠮᠣᠩᠭᠤᠯ ᠣᠩᠱ᠌ᠢᠯᠭ᠎ᠠ᠎ᠶᠢᠨ ᠥᠷᠦᠭᠡᠨ᠎ᠳᠤ ᠨᠣᠮ ᠪᠢᠴᠢᠭ᠎ᠢᠶᠡᠨ ᠬᠦᠷᠭᠡᠨ ᠬᠠᠢᠷᠠᠯᠠᠬᠤ᠎ᠶᠢ ᠬᠦᠰᠡᠨ ᠬᠦᠯᠢᠶᠡᠵᠦ ᠪᠠᠢᠨ᠎ᠠ》 ᠭᠡᠵᠦ ᠬᠢᠩᠭᠠᠨ ᠠᠢᠮᠠᠭ᠎ᠤᠨ ᠨᠣᠮ᠎ᠤᠨ ᠰᠠᠩ᠎ᠤᠨ ᠬᠠᠷᠢᠭᠤᠴᠠᠯᠭᠠᠲᠠᠨ ᠰᠤᠷᠪᠤᠯᠵᠢᠯᠠᠭ᠎ᠠ ᠬᠦᠯᠢᠶᠡᠬᠦ᠎ᠳᠤ᠎ᠪᠠᠨ ᠶᠠᠷᠢᠯ᠎ᠠ᠃

 

 

        ᠰᠤᠷᠪᠤᠯᠵᠢᠯᠠᠭᠴᠢ᠄ ᠴᠡᠩ ᠡᠾᠸ  ᠶᠢᠰᠦᠨ᠎ᠡ   ᠹᠦ ᠭᠸᠡ

        ᠢᠷᠡᠯᠲᠡ᠄ ᠥᠪᠦᠷ ᠮᠣᠩᠭᠤᠯ᠎ᠤᠨ ᠡᠳᠦᠷ᠎ᠤᠨ ᠰᠣᠨᠢᠨ

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604