ᠪᠦᠬᠦᠲᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ ᠶᠢᠨ ᠬᠠᠤᠯᠢ (ᠭᠤᠷᠪᠠᠳᠤᠭᠠᠷ ᠪᠦᠯᠦᠭ)
2019.11.07

  

   (1993 ᠣᠨ᠎ᠤ 12 ᠰᠠᠷ᠎ᠠ᠎ᠶᠢᠨ 29᠎ᠦ ᠡᠳᠦᠷ ᠨᠠᠢ᠍ᠮᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠲᠠᠪᠤᠳᠤᠭᠠᠷ ᠬᠤᠷᠠᠯᠳᠤᠭᠠᠨ᠎ᠠᠴᠠ ᠪᠠᠲᠤᠯᠠᠪᠠ

  1999 ᠣᠨ᠎ᠤ 12 ᠰᠠᠷ᠎ᠠ᠎ᠶᠢᠨ 25᠎ᠤ ᠡᠳᠦᠷ᠎ᠦᠨ ᠶᠢᠰᠦᠳᠦᠭᠡᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠭᠤᠷᠪᠠᠳᠤᠭᠠᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ᠎ᠶᠢᠨ ᠬᠠᠤᠯᠢ〉᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠠᠩᠬ᠎ᠠ ᠤᠳᠠᠭ᠎ᠠ ᠵᠠᠰᠠᠪᠠ

  2004 ᠣᠨ᠎ᠤ 8 ᠰᠠᠷ᠎ᠠ᠎ᠶᠢᠨ 28᠎ᠤ ᠡᠳᠦᠷ᠎ᠦᠨ ᠠᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠨᠢᠭᠡᠳᠦᠭᠡᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠺᠣᠮᠫᠠᠨᠢ᠎ᠶᠢᠨ ᠬᠠᠤᠯᠢ〉᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠬᠣᠶᠠᠳᠠᠬᠢ ᠤᠳᠠᠭ᠎ᠠ ᠵᠠᠰᠠᠪᠠ

  2005 ᠣᠨ᠎ᠤ 10 ᠰᠠᠷ᠎ᠠ᠎ᠶᠢᠨ 27᠎ᠤ ᠡᠳᠦᠷ ᠠᠷᠪᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠠᠷᠪᠠᠨ ᠨᠠᠢ᠍ᠮᠠᠳᠤᠭᠠᠷ ᠬᠤᠷᠠᠯᠳᠤᠭᠠᠨ᠎ᠠᠴᠠ ᠵᠠᠰᠠᠪᠤᠷᠢ ᠣᠷᠤᠭᠤᠯᠪᠠ

  2013 ᠣᠨ᠎ᠤ 12 ᠰᠠᠷ᠎ᠠ᠎ᠶᠢᠨ 28᠎ᠤ ᠡᠳᠦᠷ᠎ᠦᠨ ᠠᠷᠪᠠᠨ ᠬᠣᠶᠠᠳᠤᠭᠠᠷ ᠬᠤᠭᠤᠴᠠᠭᠠᠨ᠎ᠤ ᠪᠦᠬᠦ ᠤᠯᠤᠰ᠎ᠤᠨ ᠠᠷᠠᠳ᠎ᠤᠨ ᠲᠥᠯᠦᠭᠡᠯᠡᠭᠴᠢᠳ᠎ᠦᠨ ᠶᠡᠬᠡ ᠬᠤᠷᠠᠯ᠎ᠤᠨ ᠪᠠᠢᠩᠭᠤ᠎ᠶᠢᠨ ᠬᠣᠷᠢᠶᠠᠨ᠎ᠤ ᠵᠢᠷᠭᠤᠳᠤᠭᠠᠷ ᠬᠤᠷᠠᠯᠳᠤᠭᠠᠨ᠎ᠤ 《〈ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠳᠠᠯᠠᠢ᠎ᠶᠢᠨ ᠣᠷᠴᠢᠨ ᠠᠬᠤᠢ᠎ᠶᠢ ᠬᠠᠮᠠᠭᠠᠯᠠᠬᠤ ᠬᠠᠤᠯᠢ〉 ᠵᠡᠷᠭᠡ ᠳᠣᠯᠤᠭᠠᠨ ᠬᠠᠤᠯᠢ᠎ᠳᠤ ᠵᠠᠰᠠᠪᠤᠷᠢ ᠣᠷᠤᠭᠤᠯᠬᠤ ᠲᠤᠬᠠᠢ ᠲᠣᠭᠲᠠᠭᠠᠯ》᠎ᠢ ᠦᠨᠳᠦᠰᠦᠯᠡᠨ ᠭᠤᠷᠪᠠᠳᠠᠬᠢ ᠤᠳᠠᠭ᠎ᠠ ᠵᠠᠰᠠᠪᠠ)

 

    ᠭᠤᠷᠪᠠᠳᠤᠭᠠᠷ ᠪᠦᠯᠦᠭ   ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠶᠢᠨ ᠰᠲ᠋ᠤᠺ᠎ᠤᠨ ᠡᠷᠬᠡ᠎ᠶᠢ ᠱᠢᠯᠵᠢᠭᠦᠯᠦᠨ ᠥᠭᠬᠦ

 

  ᠳᠠᠯᠠᠨ ᠨᠢᠭᠡᠳᠦᠭᠡᠷ ᠵᠦᠢᠯ   ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠶᠢᠨ ᠬᠤᠪᠢ ᠣᠷᠤᠭᠤᠯᠤᠭᠴᠢᠳ ᠬᠣᠭᠤᠷᠤᠨᠳᠤ᠎ᠪᠠᠨ ᠰᠲ᠋ᠤᠺ᠎ᠤᠨ ᠡᠷᠬᠡ᠎ᠪᠡᠨ ᠪᠦᠭᠦᠳᠡ᠎ᠶᠢ ᠪᠤᠶᠤ ᠬᠡᠰᠡᠭ᠎ᠢ᠎ᠨᠢ ᠬᠠᠷᠢᠯᠴᠠᠨ ᠱᠢᠯᠵᠢᠭᠦᠯᠦᠨ ᠥᠭᠴᠦ ᠪᠣᠯᠤᠨ᠎ᠠ᠃

  ᠬᠤᠪᠢ ᠣᠷᠤᠭᠤᠯᠤᠭᠴᠢ᠎ᠨᠢ ᠬᠤᠪᠢ ᠣᠷᠤᠭᠤᠯᠤᠭᠴᠢ᠎ᠠᠴᠠ ᠪᠤᠰᠤᠳ ᠬᠥᠮᠦᠨ᠎ᠳᠦ ᠰᠲ᠋ᠤᠺ᠎ᠤᠨ ᠡᠷᠬᠡ᠎ᠪᠡᠨ ᠱᠢᠯᠵᠢᠭᠦᠯᠦᠨ ᠥᠭᠬᠦ᠎ᠳᠦ ᠪᠤᠰᠤᠳ ᠬᠤᠪᠢ ᠣᠷᠤᠭᠤᠯᠤᠭᠴᠢᠳ᠎ᠤᠨ ᠬᠠᠭᠠᠰ᠎ᠠᠴᠠ ᠳᠡᠭᠡᠭᠱᠢᠬᠢ ᠲᠣᠭᠠᠨ᠎ᠤ ᠬᠥᠮᠦᠨ᠎ᠢᠶᠡᠷ ᠵᠥᠪᠱᠢᠶᠡᠷᠡᠭᠦᠯᠬᠦ ᠬᠡᠷᠡᠭᠲᠡᠢ᠃ ᠬᠤᠪᠢ ᠣᠷᠤᠭᠤᠯᠤᠭᠴᠢ᠎ᠨᠢ ᠰᠲ᠋ᠤᠺ᠎ᠤᠨ ᠡᠷᠬᠡ᠎ᠪᠡᠨ ᠱᠢᠯᠵᠢᠭᠦᠯᠦᠨ ᠥᠭᠬᠦ ᠵᠦᠢᠯᠡᠰ᠎ᠦᠨ ᠲᠤᠬᠠᠢ ᠪᠤᠰᠤᠳ ᠬᠤᠪᠢ ᠣᠷᠤᠭᠤᠯᠤᠭᠴᠢᠳ᠎ᠲᠤ ᠪᠢᠴᠢᠭ᠎ᠢᠶᠡᠷ ᠮᠡᠳᠡᠭᠳᠡᠵᠦ ᠵᠥᠪᠱᠢᠶᠡᠷᠡᠭᠦᠯᠬᠦ ᠬᠡᠷᠡᠭᠲᠡᠢ᠂ ᠪᠤᠰᠤᠳ ᠬᠤᠪᠢ ᠣᠷᠤᠭᠤᠯᠤᠭᠴᠢᠳ ᠪᠢᠴᠢᠭ᠎ᠦᠨ ᠮᠡᠳᠡᠭᠳᠡᠯ᠎ᠢ ᠣᠯᠤᠭᠰᠠᠨ ᠡᠳᠦᠷ᠎ᠡᠴᠡ ᠡᠬᠢᠯᠡᠨ ᠪᠦᠬᠦᠯᠢ ᠭᠤᠴᠢᠨ ᠡᠳᠦᠷ᠎ᠦᠨ ᠳᠣᠲᠤᠷ᠎ᠠ ᠬᠠᠷᠢᠭᠤᠯᠲᠠ ᠦᠭᠭᠦᠭᠰᠡᠨ᠎ᠦᠭᠡᠢ ᠪᠠᠢᠪᠠᠯ ᠱᠢᠯᠵᠢᠭᠦᠯᠦᠨ ᠥᠭᠬᠦ᠎ᠶᠢ ᠵᠥᠪᠱᠢᠶᠡᠷᠡᠭᠰᠡᠨ᠎ᠢᠶᠡᠷ ᠪᠣᠳᠤᠨ᠎ᠠ᠃ ᠪᠤᠰᠤᠳ ᠬᠤᠪᠢ ᠣᠷᠤᠭᠤᠯᠤᠭᠴᠢᠳ᠎ᠤᠨ ᠬᠠᠭᠠᠰ᠎ᠠᠴᠠ ᠳᠡᠭᠡᠭᠱᠢᠬᠢ ᠲᠣᠭᠠᠨ᠎ᠤ ᠬᠥᠮᠦᠨ ᠱᠢᠯᠵᠢᠭᠦᠯᠦᠨ ᠥᠭᠬᠦ᠎ᠶᠢ ᠵᠥᠪᠱᠢᠶᠡᠷᠡᠬᠦ᠎ᠦᠭᠡᠢ ᠪᠠᠢᠪᠠᠯ᠂ ᠵᠥᠪᠱᠢᠶᠡᠷᠡᠬᠦ᠎ᠦᠭᠡᠢ ᠬᠤᠪᠢ ᠣᠷᠤᠭᠤᠯᠤᠭᠴᠢ᠎ᠨᠢ ᠤᠤᠯ ᠱᠢᠯᠵᠢᠭᠦᠯᠦᠨ ᠥᠭᠬᠦ ᠰᠲ᠋ᠤᠺ᠎ᠤᠨ ᠡᠷᠬᠡ᠎ᠶᠢ ᠬᠤᠳᠠᠯᠳᠤᠨ ᠠᠪᠬᠤ ᠬᠡᠷᠡᠭᠲᠡᠢ; ᠬᠤᠳᠠᠯᠳᠤᠨ ᠠᠪᠬᠤ᠎ᠦᠭᠡᠢ ᠪᠣᠯ ᠱᠢᠯᠵᠢᠭᠦᠯᠦᠨ ᠥᠭᠬᠦ᠎ᠶᠢ ᠵᠥᠪᠱᠢᠶᠡᠷᠡᠭᠰᠡᠨ᠎ᠢᠶᠡᠷ ᠪᠣᠳᠤᠨ᠎ᠠ᠃

  ᠠᠳᠠᠯᠢᠬᠠᠨ ᠨᠥᠬᠦᠴᠡᠯ᠎ᠦᠨ ᠳᠣᠤᠷ᠎ᠠ᠂ ᠬᠤᠪᠢ ᠣᠷᠤᠭᠤᠯᠤᠭᠴᠢᠳ᠎ᠤᠨ ᠵᠥᠪᠱᠢᠶᠡᠷᠡᠯ᠎ᠢᠶᠡᠷ ᠱᠢᠯᠵᠢᠭᠦᠯᠦᠨ ᠥᠭᠬᠦ ᠰᠲ᠋ᠤᠺ᠎ᠤᠨ ᠡᠷᠬᠡ᠎ᠶᠢ ᠪᠤᠰᠤᠳ ᠬᠤᠪᠢ ᠣᠷᠤᠭᠤᠯᠤᠭᠴᠢᠳ ᠤᠷᠢᠳ᠎ᠢᠶᠠᠷ ᠬᠤᠳᠠᠯᠳᠤᠨ ᠠᠪᠬᠤ ᠡᠷᠬᠡ᠎ᠲᠡᠢ᠃ ᠬᠣᠶᠠᠷ᠎ᠠᠴᠠ ᠳᠡᠭᠡᠭᠱᠢᠬᠢ ᠬᠤᠪᠢ ᠣᠷᠤᠭᠤᠯᠤᠭᠴᠢ ᠤᠷᠢᠳ᠎ᠢᠶᠠᠷ ᠬᠤᠳᠠᠯᠳᠤᠨ ᠠᠪᠬᠤ ᠡᠷᠬᠡ᠎ᠪᠡᠨ ᠬᠡᠷᠡᠭᠵᠢᠭᠦᠯᠬᠦ᠎ᠶᠢ ᠵᠣᠷᠢᠭᠰᠠᠨ ᠪᠠᠢᠪᠠᠯ᠂ ᠲᠤᠰ ᠲᠤᠰ᠎ᠤᠨ᠎ᠢᠶᠠᠨ ᠬᠤᠳᠠᠯᠳᠤᠨ ᠠᠪᠬᠤ ᠬᠠᠷᠢᠴᠠᠯ᠎ᠢ ᠵᠥᠪᠳᠡᠯᠴᠡᠨ ᠲᠣᠭᠲᠠᠭᠠᠨ᠎ᠠ; ᠵᠥᠪᠳᠡᠯᠴᠡᠭᠡᠳ ᠪᠦᠲᠦᠬᠦ᠎ᠦᠭᠡᠢ ᠪᠠᠢᠪᠠᠯ᠂ ᠱᠢᠯᠵᠢᠭᠦᠯᠦᠨ ᠥᠭᠬᠦ ᠦᠶ᠎ᠡ᠎ᠶᠢᠨ ᠲᠤᠰ ᠲᠤᠰ᠎ᠤᠨ ᠪᠡᠯᠡ ᠭᠠᠷᠭᠠᠭᠰᠠᠨ ᠬᠠᠷᠢᠴᠠᠯ᠎ᠢ ᠦᠨᠳᠦᠰᠦᠯᠡᠨ ᠤᠷᠢᠳ᠎ᠢᠶᠠᠷ ᠬᠤᠳᠠᠯᠳᠤᠨ ᠠᠪᠬᠤ ᠡᠷᠬᠡ᠎ᠪᠡᠨ ᠬᠡᠷᠡᠭᠵᠢᠭᠦᠯᠦᠨ᠎ᠡ᠃

  ᠺᠣᠮᠫᠠᠨᠢ᠎ᠶᠢᠨ ᠳᠦᠷᠢᠮ᠎ᠳᠦ ᠰᠲ᠋ᠤᠺ᠎ᠤᠨ ᠡᠷᠬᠡ᠎ᠶᠢ ᠱᠢᠯᠵᠢᠭᠦᠯᠦᠨ ᠥᠭᠬᠦ ᠲᠤᠬᠠᠢ ᠠᠰᠲᠠᠭᠠᠨ ᠲᠣᠭᠲᠠᠭᠠᠯ᠎ᠲᠠᠢ ᠪᠠᠢᠪᠠᠯ᠂ ᠲᠡᠷᠡ ᠲᠣᠭᠲᠠᠭᠠᠯ᠎ᠢ ᠵᠢᠷᠤᠮᠯᠠᠨ᠎ᠠ᠃

  ᠳᠠᠯᠠᠨ ᠬᠣᠶᠠᠳᠤᠭᠠᠷ ᠵᠦᠢᠯ   ᠠᠷᠠᠳ᠎ᠤᠨ ᠱᠢᠭᠦᠬᠦ ᠬᠣᠷᠢᠶ᠎ᠠ ᠬᠠᠤᠯᠢ᠎ᠪᠠᠷ ᠲᠣᠭᠲᠠᠭᠠᠭᠰᠠᠨ ᠠᠯᠪᠠᠲᠠᠨ ᠭᠦᠢᠴᠡᠳᠭᠡᠬᠦ ᠵᠢᠷᠤᠮ ᠶᠣᠰᠤᠭᠠᠷ ᠬᠤᠪᠢ ᠣᠷᠤᠭᠤᠯᠤᠭᠴᠢᠳ᠎ᠤᠨ ᠰᠲ᠋ᠤᠺ᠎ᠤᠨ ᠡᠷᠬᠡ᠎ᠶᠢ ᠱᠢᠯᠵᠢᠭᠦᠯᠦᠨ ᠥᠭᠬᠦ᠎ᠳᠤ᠎ᠪᠠᠨ ᠺᠣᠮᠫᠠᠨᠢ ᠪᠣᠯᠤᠨ ᠪᠦᠬᠦ ᠬᠤᠪᠢ ᠣᠷᠤᠭᠤᠯᠤᠭᠴᠢ᠎ᠳᠤ ᠮᠡᠳᠡᠭᠳᠡᠬᠦ ᠬᠡᠷᠡᠭᠲᠡᠢ᠂ ᠠᠳᠠᠯᠢᠬᠠᠨ ᠨᠥᠬᠦᠴᠡᠯ᠎ᠦᠨ ᠳᠣᠣᠷ᠎ᠠ ᠪᠤᠰᠤᠳ ᠬᠤᠪᠢ ᠣᠷᠤᠭᠤᠯᠤᠭᠴᠢᠳ᠎ᠨᠢ ᠤᠷᠢᠳ᠎ᠢᠶᠠᠷ ᠬᠤᠳᠠᠯᠳᠤᠨ ᠠᠪᠬᠤ ᠡᠷᠬᠡ᠎ᠲᠡᠢ᠃ ᠪᠤᠰᠤᠳ ᠬᠤᠪᠢ ᠣᠷᠤᠭᠤᠯᠤᠭᠴᠢᠳ᠎ᠨᠢ ᠠᠷᠠᠳ᠎ᠤᠨ ᠱᠢᠭᠦᠬᠦ ᠬᠣᠷᠢᠶᠠᠨ᠎ᠤ ᠮᠡᠳᠡᠭᠳᠡᠯ ᠭᠠᠷᠭᠠᠭᠰᠠᠨ ᠡᠳᠦᠷ᠎ᠡᠴᠡ ᠡᠬᠢᠯᠡᠨ ᠪᠦᠬᠦᠯᠢ ᠬᠣᠷᠢᠨ ᠡᠳᠦᠷ᠎ᠦᠨ ᠳᠣᠲᠤᠷ᠎ᠠ ᠤᠷᠢᠳ᠎ᠢᠶᠠᠷ ᠬᠤᠳᠠᠯᠳᠤᠨ ᠠᠪᠬᠤ ᠡᠷᠬᠡ᠎ᠪᠡᠨ ᠬᠡᠷᠡᠭᠵᠢᠭᠦᠯᠦᠭᠰᠡᠨ᠎ᠦᠭᠡᠢ ᠪᠠᠢᠪᠠᠯ᠂ ᠤᠷᠢᠳ᠎ᠢᠶᠡᠷ ᠬᠤᠳᠠᠯᠳᠤᠨ ᠠᠪᠬᠤ ᠡᠷᠬᠡ᠎ᠪᠡᠨ ᠬᠠᠶᠠᠭᠰᠠᠨ᠎ᠢᠶᠠᠷ ᠪᠣᠳᠤᠨ᠎ᠠ᠃

  ᠳᠠᠯᠠᠨ ᠭᠤᠷᠪᠠᠳᠤᠭᠠᠷ ᠵᠦᠢᠯ   ᠲᠤᠰ ᠬᠠᠤᠯᠢ᠎ᠶᠢᠨ ᠳᠠᠯᠠᠨ ᠨᠢᠭᠡᠳᠦᠭᠡᠷ ᠵᠦᠢᠯ᠂ ᠳᠠᠯᠠᠨ ᠬᠣᠶᠠᠳᠤᠭᠠᠷ ᠵᠦᠢᠯ ᠶᠣᠰᠤᠭᠠᠷ ᠰᠲ᠋ᠤᠺ᠎ᠤᠨ ᠡᠷᠬᠡ᠎ᠪᠡᠨ ᠱᠢᠯᠵᠢᠭᠦᠯᠦᠨ ᠦᠭᠭᠦᠭᠰᠡᠨ᠎ᠦ ᠳᠠᠷᠠᠭ᠎ᠠ᠂ ᠺᠣᠮᠫᠠᠨᠢ ᠤᠤᠯ᠎ᠤᠨ ᠬᠤᠪᠢ ᠣᠷᠤᠭᠤᠯᠤᠭᠴᠢ᠎ᠶᠢᠨ ᠪᠡᠯᠡ ᠭᠠᠷᠭᠠᠭᠰᠠᠨ ᠭᠡᠷᠡᠴᠢ ᠪᠢᠴᠢᠭ᠎ᠢ ᠬᠦᠴᠦᠨ᠎ᠦᠭᠡᠢ ᠪᠣᠯᠭᠠᠵᠤ᠂ ᠱᠢᠨ᠎ᠡ ᠬᠤᠪᠢ ᠣᠷᠤᠭᠤᠯᠤᠭᠴᠢ᠎ᠳᠤ ᠪᠡᠯᠡ ᠭᠠᠷᠭᠠᠭᠰᠠᠨ ᠭᠡᠷᠡᠴᠢ ᠪᠢᠴᠢᠭ᠎ᠢ ᠭᠠᠷ᠎ᠤᠨ ᠦᠰᠦᠭ ᠵᠢᠷᠤᠵᠤ ᠣᠯᠭᠤᠬᠤ᠎ᠶᠢᠨ ᠬᠠᠮᠲᠤ ᠺᠣᠮᠫᠠᠨᠢ᠎ᠶᠢᠨ ᠳᠦᠷᠢᠮ ᠪᠣᠯᠤᠨ ᠬᠤᠪᠢ ᠣᠷᠤᠭᠤᠯᠤᠭᠴᠢᠳ᠎ᠤᠨ ᠨᠡᠷᠡᠰ᠎ᠦᠨ ᠳᠠᠩᠰᠠᠨ᠎ᠳᠠᠬᠢ ᠬᠤᠪᠢ ᠣᠷᠤᠭᠤᠯᠤᠭᠴᠢ ᠵᠢᠴᠢ ᠲᠡᠭᠦᠨ᠎ᠦ ᠪᠡᠯᠡ ᠭᠠᠷᠭᠠᠭᠰᠠᠨ ᠲᠣᠭ᠎ᠠ᠎ᠶᠢᠨ ᠲᠤᠬᠠᠢ ᠲᠡᠮᠳᠡᠭᠯᠡᠯ᠎ᠢ ᠵᠣᠬᠢᠴᠠᠩᠭᠤᠢ᠎ᠪᠠᠷ ᠵᠠᠰᠠᠬᠤ ᠬᠡᠷᠡᠭᠲᠡᠢ᠃ ᠺᠣᠮᠫᠠᠨᠢ᠎ᠶᠢᠨ ᠳᠦᠷᠢᠮ᠎ᠳᠦ ᠣᠷᠤᠭᠤᠯᠤᠭᠰᠠᠨ ᠲᠤᠰ ᠵᠠᠰᠠᠪᠤᠷᠢ᠎ᠶᠢ ᠬᠤᠪᠢ ᠣᠷᠤᠭᠤᠯᠤᠭᠴᠢᠳ᠎ᠤᠨ ᠵᠥᠪᠯᠡᠯ᠎ᠢᠶᠡᠷ ᠳᠠᠬᠢᠨ ᠪᠠᠲᠤᠯᠠᠭᠤᠯᠬᠤ ᠴᠢᠬᠤᠯᠠ᠎ᠦᠭᠡᠢ᠃

  ᠳᠠᠯᠠᠨ ᠳᠥᠷᠪᠡᠳᠦᠭᠡᠷ ᠵᠦᠢᠯ   ᠳᠣᠣᠷ᠎ᠠ ᠵᠢᠭᠰᠠᠭᠠᠭᠰᠠᠨ ᠪᠠᠢᠳᠠᠯ᠎ᠤᠨ ᠨᠢᠭᠡ᠎ᠨᠢ ᠪᠠᠢᠪᠠᠯ᠂ ᠬᠤᠪᠢ ᠣᠷᠤᠭᠤᠯᠤᠭᠴᠢᠳ᠎ᠤᠨ ᠵᠥᠪᠯᠡᠯ᠎ᠦᠨ ᠲᠤᠰ ᠱᠢᠢᠳᠪᠦᠷᠢ᠎ᠳᠦ ᠦᠯᠦ ᠵᠥᠪᠱᠢᠶᠡᠷᠡᠬᠦ ᠫᠢᠶᠤᠤ ᠦᠭᠭᠦᠭᠰᠡᠨ ᠬᠤᠪᠢ ᠣᠷᠤᠭᠤᠯᠤᠭᠴᠢ᠎ᠨᠢ ᠵᠣᠬᠢᠰᠲᠠᠢ ᠦᠨ᠎ᠡ ᠬᠠᠩᠱᠢ᠎ᠪᠠᠷ ᠰᠲ᠋ᠤᠺ᠎ᠤᠨ ᠡᠷᠬᠡ᠎ᠪᠡᠨ ᠬᠤᠳᠠᠯᠳᠤᠨ ᠠᠪᠤᠭᠤᠯᠬᠤ᠎ᠪᠠᠷ ᠺᠣᠮᠫᠠᠨᠢ᠎ᠳᠤ ᠭᠤᠶᠤᠴᠢᠯᠠᠵᠤ ᠪᠣᠯᠤᠨ᠎ᠠ᠄

  (ᠨᠢᠭᠡ) ᠺᠣᠮᠫᠠᠨᠢ ᠲᠠᠪᠤᠨ ᠵᠢᠯ ᠳᠠᠷᠠᠭᠠᠯᠠᠨ ᠠᠱᠢᠭ ᠬᠣᠨᠵᠢᠪᠤᠷᠢ ᠣᠯᠤᠭᠰᠠᠨ ᠪᠥᠭᠡᠳ ᠲᠤᠰ ᠬᠠᠤᠯᠢ᠎ᠳᠤ ᠲᠣᠭᠲᠠᠭᠠᠭᠰᠠᠨ ᠠᠱᠢᠭ ᠬᠣᠨᠵᠢᠪᠤᠷᠢ ᠬᠤᠪᠢᠶᠠᠷᠢᠯᠠᠬᠤ ᠨᠥᠬᠦᠴᠡᠯ᠎ᠳᠦ ᠨᠡᠢᠴᠡᠬᠦ ᠪᠠᠢᠲᠠᠯ᠎ᠠ ᠺᠣᠮᠫᠠᠨᠢ ᠲᠠᠪᠤᠨ ᠵᠢᠯ ᠳᠠᠷᠠᠭᠠᠯᠠᠨ ᠬᠤᠪᠢ ᠣᠷᠤᠭᠤᠯᠤᠭᠴᠢᠳ᠎ᠲᠤ ᠠᠱᠢᠭ ᠬᠣᠨᠵᠢᠪᠤᠷᠢ ᠬᠤᠪᠢᠶᠠᠷᠢᠯᠠᠭᠰᠠᠨ ᠥᠬᠡᠢ;

  (ᠬᠣᠶᠠᠷ) ᠺᠣᠮᠫᠠᠨᠢ ᠭᠣᠣᠯ ᠡᠳ᠋ ᠬᠥᠷᠦᠩᠭᠡ᠎ᠶᠢ ᠨᠡᠢᠯᠡᠭᠦᠯᠦᠭᠰᠡᠨ᠂ ᠰᠠᠯᠭᠠᠭᠰᠠᠨ᠂ ᠱᠢᠯᠵᠢᠭᠦᠯᠦᠨ ᠦᠭᠭᠦᠭᠰᠡᠨ;

  (ᠭᠤᠷᠪᠠ) ᠺᠣᠮᠫᠠᠨᠢ᠎ᠶᠢᠨ ᠳᠦᠷᠢᠮ᠎ᠳᠦ ᠲᠣᠭᠲᠠᠭᠠᠭᠰᠠᠨ ᠡᠵᠡᠩᠨᠡᠯᠲᠡ᠎ᠶᠢᠨ ᠬᠤᠭᠤᠴᠠᠭ᠎ᠠ᠎ᠨᠢ ᠳᠦᠭᠦᠷᠦᠭᠰᠡᠨ ᠪᠤᠶᠤ ᠳᠦᠷᠢᠮ᠎ᠳᠦ ᠲᠣᠭᠲᠠᠭᠠᠭᠰᠠᠨ ᠲᠠᠷᠬᠠᠭᠠᠬᠤ ᠪᠤᠰᠤᠳ ᠤᠴᠢᠷ ᠱᠢᠯᠲᠠᠭᠠᠨ ᠭᠠᠷᠴᠤ᠂ ᠬᠤᠪᠢ ᠣᠷᠤᠭᠤᠯᠤᠭᠴᠢᠳ᠎ᠤᠨ ᠵᠥᠪᠯᠡᠯ᠎ᠦᠨ ᠬᠤᠷᠠᠯᠳᠤᠭᠠᠨ᠎ᠢᠶᠠᠷ ᠱᠢᠢᠳᠪᠦᠷᠢ ᠭᠠᠷᠭᠠᠵᠤ ᠳᠦᠷᠢᠮ᠎ᠳᠦ ᠵᠠᠰᠠᠪᠤᠷᠢ ᠣᠷᠤᠭᠤᠯᠤᠭᠠᠳ ᠺᠣᠮᠫᠠᠨᠢ᠎ᠶᠢ ᠦᠷᠭᠦᠯᠵᠢᠯᠡᠨ ᠣᠷᠤᠱᠢᠨ ᠲᠣᠭᠲᠠᠨᠢᠭᠤᠯᠤᠭᠰᠠᠨ᠃

  ᠬᠤᠪᠢ ᠣᠷᠤᠭᠤᠯᠤᠭᠴᠢᠳ᠎ᠤᠨ ᠵᠥᠪᠯᠡᠯ᠎ᠦᠨ ᠬᠤᠷᠠᠯᠳᠤᠭᠠᠨ᠎ᠤ ᠱᠢᠢᠳᠪᠦᠷᠢ᠎ᠶᠢ ᠪᠠᠲᠤᠯᠠᠭᠰᠠᠨ ᠡᠳᠦᠷ᠎ᠡᠴᠡ ᠡᠬᠢᠯᠡᠨ ᠵᠢᠷᠠᠨ ᠡᠳᠦᠷ᠎ᠦᠨ ᠳᠣᠲᠤᠷ᠎ᠠ᠂ ᠬᠤᠪᠢ ᠣᠷᠤᠭᠤᠯᠤᠭᠴᠢ ᠬᠢᠭᠡᠳ ᠺᠣᠮᠫᠠᠨᠢ᠎ᠨᠢ ᠰᠲ᠋ᠤᠺ᠎ᠤᠨ ᠡᠷᠬᠡ᠎ᠶᠢ ᠬᠤᠳᠠᠯᠳᠤᠨ ᠠᠪᠬᠤ ᠬᠡᠯᠡᠯᠴᠡᠭᠡᠷ ᠲᠣᠭᠲᠠᠵᠤ ᠳᠡᠢᠯᠬᠦ᠎ᠦᠭᠡᠢ ᠪᠠᠢᠪᠠᠯ᠂ ᠬᠤᠪᠢ ᠣᠷᠤᠭᠤᠯᠤᠭᠴᠢ᠎ᠨᠢ ᠬᠤᠪᠢ ᠣᠷᠤᠭᠤᠯᠤᠭᠴᠢᠳ᠎ᠤᠨ ᠵᠥᠪᠯᠡᠯ᠎ᠦᠨ ᠬᠤᠷᠠᠯᠳᠤᠭᠠᠨ᠎ᠤ ᠱᠢᠢᠳᠪᠦᠷᠢ ᠪᠠᠲᠤᠯᠠᠭᠳᠠᠭᠰᠠᠨ ᠡᠳᠦᠷ᠎ᠡᠴᠡ ᠡᠬᠢᠯᠡᠨ ᠶᠡᠷᠡᠨ ᠡᠳᠦᠷ᠎ᠦᠨ ᠳᠣᠲᠤᠷ᠎ᠠ ᠠᠷᠠᠳ᠎ᠤᠨ ᠱᠢᠭᠦᠬᠦ ᠬᠣᠷᠢᠶ᠎ᠠ᠎ᠳᠤ ᠵᠠᠭᠠᠯᠳᠤᠵᠤ ᠪᠣᠯᠤᠨ᠎ᠠ᠃

  ᠳᠠᠯᠠᠨ ᠲᠠᠪᠤᠳᠤᠭᠠᠷ ᠵᠦᠢᠯ   ᠪᠠᠢᠭᠠᠯᠢ ᠬᠥᠮᠦᠨ ᠬᠤᠪᠢ ᠣᠷᠤᠭᠤᠯᠤᠭᠴᠢ᠎ᠨᠢ ᠦᠬᠦᠭᠰᠡᠨ᠎ᠦ ᠬᠣᠢᠨ᠎ᠠ᠂ ᠲᠡᠭᠦᠨ᠎ᠦ ᠬᠠᠤᠯᠢ ᠶᠣᠰᠤᠨ᠎ᠤ ᠵᠠᠯᠭᠠᠮᠵᠢᠯᠠᠭᠴᠢ᠎ᠨᠢ ᠬᠤᠪᠢ ᠣᠷᠤᠭᠤᠯᠤᠭᠴᠢ᠎ᠶᠢᠨ ᠬᠢᠷᠢ ᠭᠡᠮ᠎ᠢ ᠵᠠᠯᠭᠠᠮᠵᠢᠯᠠᠵᠤ ᠪᠣᠯᠤᠨ᠎ᠠ; ᠭᠡᠪᠡᠴᠦ ᠺᠣᠮᠫᠠᠨᠢ᠎ᠶᠢᠨ ᠳᠦᠷᠢᠮ᠎ᠳᠦ ᠠᠰᠲᠠᠭᠠᠨ ᠲᠣᠭᠲᠠᠭᠠᠯ᠎ᠲᠠᠢ ᠪᠠᠢᠪᠠᠯ ᠡᠭᠦᠨ᠎ᠳᠦ ᠪᠠᠭᠲᠠᠬᠤ᠎ᠦᠭᠡᠢ᠃

 

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604