ᠱᠢᠨᠬᠤᠧᠠ ᠬᠤᠷᠢᠶ᠎ᠠ ᠬᠦᠬᠡᠬᠤᠳᠠ᠎ᠶᠢᠨ 10 ᠰᠠᠷ᠎ᠠ᠎ᠶᠢᠨ 20᠎ᠤ ᠡᠳᠦᠷ᠎ᠤᠨ ᠴᠠᠬᠢᠯᠭᠠᠨ ᠮᠡᠳᠡᠬᠡ (ᠤᠷᠢᠬᠠᠨ) ᠣᠢᠷ᠎ᠠ᠎ᠶᠢᠨ ᠡᠳᠦᠷ᠂ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠮᠤᠩᠭᠤᠯ ᠮᠡᠳᠡᠬᠡ ᠵᠠᠩᠬᠢ ᠱᠢᠢᠳᠪᠦᠷᠢᠯᠡᠯᠲᠡ᠎ᠶᠢᠨ ᠮᠡᠷᠬᠡᠵᠢᠯ᠎ᠤᠨ ᠭᠤᠤᠯ ᠴᠢᠬᠤᠯᠠ ᠳᠤᠷᠱᠢᠯᠳᠠᠶᠢᠨ ᠳᠠᠰᠤᠭ ᠵᠡᠷᠬᠡ ᠪᠠᠢᠭᠤᠯᠤᠮᠵᠢ᠎ᠶᠢᠨ ᠬᠠᠮᠳᠤᠷᠠᠨ ᠰᠤᠳᠤᠯᠤᠨ ᠪᠦᠳᠦᠬᠡᠭᠰᠡᠨ 《ᠤᠶᠤᠨ AI ᠮᠤᠩᠭᠤᠯ ᠬᠡᠯᠡᠨ᠎ᠤ ᠤᠶᠤᠨᠴᠢ ᠳᠠᠪᠴᠠᠩ》 ᠠᠱᠢᠭᠯᠠᠯᠳᠠᠳᠤ ᠤᠷᠤᠵᠤ᠂ ᠬᠡᠷᠡᠭᠯᠡᠭᠴᠢᠳ ᠦᠨ᠎ᠡ ᠳᠦᠯᠦᠪᠦᠷᠢ ᠦᠬᠡᠢ᠎ᠪᠡᠷ ᠠᠱᠢᠭᠯᠠᠬᠤ ᠪᠤᠯᠤᠮᠵᠢ᠎ᠲᠠᠢ ᠪᠤᠯᠤᠯ᠎ᠠ᠃ ᠣᠢᠯᠠᠭᠠᠭᠰᠠᠨ᠎ᠢᠶᠡᠷ᠂ ᠡᠨᠡ᠎ᠨᠢ ᠮᠠᠨ᠎ᠤ ᠤᠯᠤᠰ᠎ᠤᠨ ᠠᠩᠬᠠᠨ᠎ᠤ AI ᠮᠤᠩᠭᠤᠯ ᠬᠡᠯᠡᠨ᠎ᠤ ᠤᠶᠤᠨᠴᠢ ᠳᠠᠪᠴᠠᠩ ᠪᠤᠯᠤᠨ᠎ᠠ᠃
ᠳᠤᠰ ᠳᠠᠪᠴᠠᠩ᠎ᠨᠢ ᠬᠤᠪᠢ ᠬᠦᠮᠦᠨ᠂ ᠮᠡᠷᠬᠡᠵᠢᠯ᠎ᠤᠨ ᠪᠠᠢᠭᠤᠯᠤᠮᠵᠢ ᠬᠢᠬᠡᠳ ᠭᠤᠷᠪᠠᠳᠡᠬᠢ ᠡᠳᠡᠬᠡᠳ᠎ᠤᠨ ᠰᠤᠳᠤᠯᠭᠠᠨ᠎ᠤ ᠬᠦᠮᠦᠰ᠎ᠲᠤ ᠮᠤᠩᠭᠤᠯ ᠬᠡᠯᠡᠨ᠎ᠤ ᠤᠯᠠᠨ ᠳᠦᠷᠦᠯ᠎ᠤᠨ ᠮᠡᠳᠡᠬᠡ ᠵᠠᠩᠬᠢ ᠱᠢᠶ᠋ᠳᠪᠦᠷᠢᠯᠡᠯᠳᠡᠶᠢᠨ ᠦᠢᠯᠡᠴᠢᠯᠡᠬᠡ ᠪᠠ ᠬᠤᠯᠪᠤᠭᠠᠰᠤ ᠬᠠᠩᠭᠠᠳᠠᠭ ᠮᠤᠩᠭᠤᠯ ᠬᠡᠯᠡᠨ᠎ᠤ ᠮᠡᠳᠡᠬᠡ ᠵᠠᠩᠬᠢᠴᠢᠯᠠᠯᠳᠠ᠎ᠶᠢᠨ ᠬᠦᠭᠵᠢᠯ᠎ᠤᠨ ᠪᠠᠰᠠ ᠨᠢᠬᠡᠨ ᠴᠢᠬᠤᠯᠠ ᠱᠢᠪᠳᠤᠯᠤᠯᠳᠠ ᠪᠤᠯᠬᠤ᠎ᠶᠤᠮ᠃
ᠳᠠᠪᠴᠠᠩ᠎ᠨᠢ ᠬᠤᠪᠢ ᠬᠦᠮᠦᠨ᠎ᠤ ᠬᠡᠷᠡᠭᠯᠡᠭᠴᠢᠳ᠎ᠲᠤ ᠬᠠᠨᠳᠤᠭᠤᠯᠤᠨ ᠮᠤᠩᠭᠤᠯ ᠬᠢᠳᠠᠳ ᠬᠡᠯᠡᠨ᠎ᠤ ᠬᠠᠷᠢᠯᠴᠠᠨ ᠠᠦ᠋ᠲ᠋ᠤᠮᠠᠲ ᠤᠷᠴᠢᠭᠤᠯᠭ᠎ᠠ᠂ ᠮᠤᠩᠭᠤᠯ ᠬᠢᠳᠠᠳ ᠠᠪᠢᠶᠠᠨ᠎ᠤ ᠬᠠᠷᠢᠯᠴᠠᠨ ᠤᠷᠴᠢᠭᠤᠯᠭ᠎ᠠ᠂ ᠬᠦᠮᠦᠨᠤᠨᠡᠷᠡᠶᠢᠨ ᠬᠢᠳᠠᠳ ᠮᠤᠩᠭᠤᠯ ᠤᠷᠴᠢᠭᠤᠯᠭ᠎ᠠ᠂ ᠤᠢᠭᠤᠷᠵᠢᠨ ᠮᠤᠩᠭᠤᠯ ᠬᠢᠬᠡᠳ ᠺᠢᠷᠢᠯ ᠦᠰᠦᠭ᠎ᠤᠨ ᠬᠦᠷᠪᠡᠬᠦᠯᠬᠡ᠂ OCR᠂ ᠮᠤᠩᠭᠤᠯ ᠬᠡᠯᠡᠨ᠎ᠤ ᠠᠦ᠋ᠲ᠋ᠤᠮᠠᠲ ᠦᠰᠦᠭ ᠬᠠᠷᠭᠤᠯᠭᠠ᠂ ᠮᠤᠩᠭᠤᠯ ᠬᠡᠯᠡᠨ᠎ᠤ ᠠᠪᠢᠶᠠᠯᠠᠯᠭ᠎ᠠ᠎ᠶᠢᠨ ᠨᠡᠢᠯᠡᠯᠭᠡ ᠵᠡᠷᠬᠡ ᠤᠯᠠᠨ ᠴᠢᠳᠠᠪᠬᠢ᠎ᠲᠠᠢ᠃ ᠳᠠᠪᠴᠠᠩ᠎ᠢ ᠭᠠᠷ ᠤᠳᠠᠰᠤᠨ᠎ᠳᠤ ᠰᠠᠭᠤᠳᠭᠠᠬᠤ ᠴᠢᠬᠤᠯᠠ ᠦᠬᠡᠢ᠂ ᠸᠢᠴᠠᠲ᠎ᠤᠨ ᠵᠢᠵᠢᠭ ᠫᠷᠤᠭ᠌ᠷᠠᠮ᠎ᠤᠨ ᠴᠢᠳᠠᠪᠬᠢ᠎ᠡᠴᠡ 《ᠤᠶᠤᠨ AI》 ᠬᠡᠵᠤ ᠬᠠᠢᠭᠠᠳ ᠱᠢᠭᠤᠳ ᠠᠱᠢᠭᠯᠠᠵᠤ ᠪᠤᠯᠤᠨ᠎ᠠ᠃
ᠭᠤᠷᠪᠠᠳᠡᠬᠢ ᠡᠳᠡᠬᠡᠳ᠎ᠤᠨ ᠰᠤᠳᠤᠯᠭᠠᠨ᠎ᠤ ᠬᠦᠮᠦᠰ᠎ᠲᠤ ᠬᠠᠨᠳᠤᠭᠤᠯᠤᠨ ᠤᠶᠤᠨ AI ᠬᠤᠯᠪᠤᠭᠠᠰᠤ ᠳᠠᠪᠴᠠᠩ᠎ᠨᠢ ᠬᠠᠮᠢᠶᠠᠳᠠᠢ ᠤᠶᠤᠨᠴᠢ ᠦᠢᠯᠡᠴᠢᠯᠡᠬᠡ ᠬᠠᠩᠭᠠᠨ᠎ᠠ᠃ ᠮᠦᠨ ᠮᠤᠩᠭᠤᠯ ᠬᠡᠯᠡᠨ᠎ᠤ ᠮᠡᠳᠡᠬᠡ ᠵᠠᠩᠬᠢᠴᠢᠯᠠᠯᠳᠠ᠎ᠶᠢᠨ ᠨᠡᠢᠲᠡ᠎ᠶᠢᠨ ᠠᠰᠠᠷᠠᠮᠵᠢ᠎ᠶᠢᠨ ᠦᠢᠯᠡᠰ᠎ᠤᠨ ᠬᠦᠭᠵᠢᠯᠳᠡ᠎ᠶᠢ ᠠᠬᠢᠭᠤᠯᠬᠤ᠎ᠶᠢᠨ ᠳᠦᠯᠦᠬᠡ᠂ ᠳᠤᠰ ᠳᠠᠪᠴᠠᠩ᠎ᠨᠢ ᠬᠤᠪᠢ ᠬᠦᠮᠦᠨ ᠬᠢᠬᠡᠳ ᠨᠡᠢᠭᠡᠮ᠎ᠤᠨ ᠪᠦᠯᠬᠦᠮ ᠨᠢᠬᠡᠴᠡ᠎ᠳᠤ ᠨᠢᠬᠡ ᠵᠢᠯ᠎ᠡᠴᠡ ᠳᠡᠬᠡᠭᠱᠢ ᠬᠤᠭᠤᠴᠠᠭ᠎ᠠ᠎ᠲᠠᠢ ᠦᠨ᠎ᠡ ᠳᠦᠯᠦᠪᠦᠷᠢ ᠦᠬᠡᠢ ᠡᠬᠦᠯᠡᠨ ᠦᠢᠯᠡᠴᠢᠯᠡᠬᠡᠨ᠎ᠤ ᠬᠤᠯᠪᠤᠭᠠᠰᠤ ᠬᠠᠩᠭᠠᠬᠤ᠎ᠪᠡᠷ ᠪᠠᠢᠨ᠎ᠠ᠃
ᠪᠡᠯᠡᠳᠭᠡᠭᠰᠡᠨ᠎ᠨᠢ᠄ ᠪᠣᠯᠤᠷᠴᠡᠴᠡᠭ
ᠱᠢᠨᠬᠤᠸᠠ ᠮᠣᠩᠭᠤᠯ ᠨᠸᠲ᠎ᠠᠴᠠ ᠱᠢᠯᠵᠢᠭᠦᠯᠦᠨ ᠨᠡᠢᠳᠡᠯᠡᠪᠡ