9 ᠰᠠᠷ᠎ᠠ᠎ᠶᠢᠨ 22᠎ᠤᠨ ᠡᠳᠦᠷ᠂ ᠦᠪᠦᠷ ᠮᠤᠩᠭᠤᠯ᠎ᠤᠨ ᠪᠠᠭᠠᠴᠤᠳ ᠬᠡᠤᠬᠡᠳ᠎ᠤᠨ ᠬᠡᠪᠯᠡᠯ ᠬᠤᠷᠢᠶ᠎ᠠ ᠪᠤᠯᠤᠨ ᠱᠢᠨᠬᠤᠧᠠ ᠮᠤᠩᠭᠤᠯ ᠨᠧᠲ᠎ᠡᠴᠡ ᠬᠠᠮᠳᠤᠷᠠᠨ ᠵᠤᠬᠢᠶᠠᠨ ᠪᠠᠢᠭᠤᠯᠤᠭᠰᠠᠨ 《ᠪᠦᠷᠢᠨᠪᠠᠶᠠᠷ᠎ᠤᠨ ᠵᠤᠬᠢᠶᠠᠯ ᠪᠦᠳᠦᠬᠡᠯ᠎ᠤᠨ ᠬᠤᠷᠢᠶᠠᠩᠭᠤᠢ》 ᠬᠡᠮᠡᠬᠦ ᠠᠷᠪᠠᠨ ᠪᠤᠳᠢ ᠨᠤᠮ᠎ᠤᠨ ᠶᠠᠷᠢᠯᠴᠠᠯᠭ᠎ᠠ ᠵᠢᠴᠢ ᠭᠠᠷᠤᠨ ᠦᠰᠦᠭ ᠵᠢᠷᠤᠵᠤ ᠳᠠᠷᠬᠠᠭᠠᠬᠤ ᠶᠤᠰᠤᠯᠠᠯ ᠦᠪᠦᠷ ᠮᠤᠩᠭᠤᠯ᠎ᠤᠨ ᠤᠯᠠᠨ ᠤᠯᠤᠰ᠎ᠤᠨ ᠦᠵᠡᠰᠬᠦᠯᠡᠩ᠎ᠤᠨ ᠳᠦᠪ᠎ᠲᠤ ᠪᠤᠯᠪᠠ᠃
ᠶᠤᠰᠤᠯᠠᠯ᠎ᠤᠨ ᠦᠶ᠎ᠡ᠎ᠪᠡᠷ᠂ ᠨᠡᠷᠡᠳᠦ ᠮᠡᠳᠡᠬᠡᠯᠡᠯ᠎ᠤᠨ ᠤᠷᠠᠨ ᠵᠤᠬᠢᠶᠠᠯᠴᠢ ᠪᠦᠷᠢᠨᠪᠠᠶᠠᠷ᠎ᠡᠴᠡ ᠡᠨᠡᠬᠦ ᠨᠤᠮ᠎ᠤᠨ᠎ᠢᠶᠡᠨ ᠦᠨᠳᠦᠰᠦᠨ ᠪᠠᠢᠳᠠᠯ ᠪᠤᠯᠤᠨ ᠵᠤᠬᠢᠶᠠᠨ ᠪᠦᠳᠦᠬᠡᠯᠬᠡ᠎ᠶᠢᠨ ᠵᠠᠮ ᠮᠦᠷ᠂ ᠦᠯᠢᠬᠡᠷ ᠤᠴᠠᠷᠠᠯ᠂ ᠤᠯᠤᠯᠳᠠ ᠠᠮᠵᠢᠯᠳᠠ᠎ᠪᠡᠨ ᠤᠩᠱᠢᠭᠴᠢᠳ᠎ᠲᠠᠢ ᠬᠤᠪᠢᠶᠠᠯᠴᠠᠪᠠ᠃ ᠦᠪᠦᠷ ᠮᠤᠩᠭ᠋ᠤᠯ᠎ᠤᠨ ᠤᠳᠬ᠎ᠠ ᠤᠷᠠᠯᠢᠭ᠎ᠤᠨ ᠬᠢᠨ᠎ᠤ ᠬᠤᠯᠪᠤᠭ᠎ᠠ᠎ᠶᠢᠨ ᠳᠡᠳ᠋ ᠳᠡᠷᠢᠬᠦᠯᠡᠭᠴᠢ᠂ ᠦᠪᠦᠷ ᠮᠤᠩᠭᠤᠯ᠎ᠤᠨ ᠵᠤᠬᠢᠶᠠᠯᠴᠢᠳ᠎ᠤᠨ ᠨᠡᠢᠬᠡᠮᠯᠢᠭ᠎ᠤᠨ ᠳᠡᠷᠢᠬᠦᠯᠡᠭᠴᠢ᠂ ᠦᠪᠦᠷ ᠮᠤᠩᠭᠤᠯ᠎ᠤᠨ ᠪᠠᠭᠱᠢ᠎ᠶᠢᠨ ᠶᠡᠬᠡ ᠰᠤᠷᠭᠠᠭᠤᠯᠢ᠎ᠶᠢᠨ ᠮᠤᠩᠭᠤᠯ ᠰᠤᠳᠤᠯᠤᠯ᠎ᠤᠨ ᠳᠡᠬᠡᠳᠦ ᠰᠤᠷᠭᠠᠭᠤᠯᠢ᠎ᠶᠢᠨ ᠵᠠᠬᠢᠷᠤᠯ ᠳᠤᠷᠤᠨᠠᠲ᠋ᠡᠭᠷᠢ᠎ᠡᠴᠡ ᠪᠦᠷᠢᠨᠪᠠᠶᠠᠷ᠎ᠤᠨ ᠵᠤᠬᠢᠶᠠᠯ ᠪᠦᠳᠦᠬᠡᠯ᠎ᠤᠨ ᠠᠴᠢ ᠬᠤᠯᠪᠤᠭᠳᠠᠯ᠂ ᠮᠤᠩᠭᠤᠯ ᠤᠷᠠᠨ ᠵᠤᠬᠢᠶᠠᠯ᠎ᠤᠨ ᠳᠡᠤᠬᠡᠨ᠎ᠳᠤ ᠦᠵᠡᠬᠦᠯᠦᠭᠰᠡᠨ ᠭᠠᠪᠢᠶ᠎ᠠ ᠵᠢᠳᠬᠦᠯ᠎ᠤᠨ ᠳᠠᠯ᠎ᠠ᠎ᠪᠡᠷ ᠦᠨᠡᠯᠡᠵᠤ᠂ ᠦᠪᠦᠷ ᠮᠤᠩᠭᠤᠯ᠎ᠤᠨ ᠶᠡᠬᠡ ᠰᠤᠷᠭᠠᠭᠤᠯᠢ᠎ᠶᠢᠨ ᠮᠤᠩᠭᠤᠯ ᠰᠤᠳᠤᠯᠤᠯ᠎ᠤᠨ ᠳᠡᠬᠡᠳᠦ ᠰᠤᠷᠭᠠᠭᠤᠯᠢ᠎ᠶᠢᠨ ᠳᠡᠳ ᠵᠠᠬᠢᠷᠤᠯ ᠡᠷᠳᠡᠨᠢᠬᠠᠳᠠ᠎ᠡᠴᠡ ᠨᠤᠮ᠎ᠳᠤ ᠰᠤᠩᠭᠤᠭᠳᠠᠭᠰᠠᠨ ᠴᠢᠬᠤᠯᠠ ᠪᠦᠳᠦᠬᠡᠯᠤᠳᠤᠨ ᠨᠦᠯᠦᠬᠡ ᠳᠤᠰᠭᠠᠯ᠂ ᠮᠦᠨ ᠪᠦᠷᠢᠨᠪᠠᠶᠠᠷ ᠭᠤᠧᠠᠢ᠎ᠶᠢᠨ ᠮᠤᠩᠭᠤᠯ ᠦᠨᠳᠦᠰᠦᠳᠡᠨ᠎ᠤ ᠮᠡᠳᠡᠬᠡᠯᠡᠯ᠎ᠤᠨ ᠤᠷᠠᠨ ᠵᠤᠬᠢᠶᠠᠯ᠎ᠤᠨ ᠨᠢᠬᠡᠨ ᠦᠶ᠎ᠡ᠎ᠶᠢᠨ ᠭᠠᠢᠬᠠᠮᠱᠢᠭ᠎ᠢ ᠡᠬᠦᠳᠦᠭᠰᠡᠨ ᠵᠢᠴᠢ ᠵᠠᠯᠠᠭᠤ ᠨᠢᠬᠡ ᠦᠶ᠎ᠡ᠎ᠶᠢᠨ ᠮᠡᠳᠡᠬᠡᠯᠡᠯ᠎ᠤᠨ ᠤᠷᠠᠨ ᠵᠤᠬᠢᠶᠠᠯᠴᠢᠳ᠎ᠤᠨ ᠡᠩᠨᠡᠬᠡ᠎ᠶᠢ ᠪᠠᠢᠭᠤᠯᠤᠭᠰᠠᠨ ᠳᠤᠬᠠᠢ ᠨᠠᠷᠢᠨ ᠳᠠᠨᠢᠯᠴᠠᠭᠤᠯᠵᠠᠢ᠃
《ᠪᠦᠷᠢᠨᠪᠠᠶᠠᠷ᠎ᠤᠨ ᠵᠤᠬᠢᠶᠠᠯ ᠪᠦᠳᠦᠬᠡᠯ᠎ᠤᠨ ᠬᠤᠷᠢᠶᠠᠩᠭᠤᠢ》 ᠨᠤᠮ᠎ᠨᠢ 《ᠨᠢᠩᠵᠢᠨ ᠰᠡᠳᠬᠢᠯ》 ᠂ 《ᠦᠢᠯᠡᠰ᠎ᠤᠨ ᠳᠤᠤᠯᠢ》 ᠂ 《ᠦᠵᠦᠬᠦᠷ ᠰᠡᠳᠬᠢᠯ᠎ᠤᠨ ᠳᠡᠮᠡᠤᠯᠡᠯ》 ᠂ 《ᠬᠤᠷᠴᠢᠨ᠎ᠤ ᠠᠯᠳᠠᠷᠳᠤ ᠬᠦᠮᠦᠰ》 ᠂ 《ᠨᠠᠷᠠ ᠡᠷᠬᠦᠭᠰᠡᠨ ᠨᠤᠳᠤᠭ》 ᠂ 《ᠴᠢᠨᠳᠠᠮᠤᠨᠢ ᠬᠡᠯᠬᠢᠶ᠎ᠡ》 (ᠳᠡᠬᠡᠳᠦ᠂ ᠳᠤᠤᠷᠠᠳᠤ)᠂ 《ᠪᠢᠯᠢᠭ ᠬᠤᠷᠠᠬᠤᠢ》 ᠂ 《ᠮᠤᠤᠠᠤᠰᠤ᠎ᠶᠢᠨ ᠨᠤᠮᠢᠨ ᠨᠤᠭᠤᠭᠠᠨ ᠳᠤᠤᠯᠢᠰ》 ᠂ 《ᠡᠷᠳᠡᠨᠢ᠎ᠶᠢᠨ ᠤᠯᠠ ᠮᠦᠷ》 ᠵᠡᠷᠬᠡ ᠠᠷᠪᠠᠨ ᠪᠤᠳᠢ᠎ᠪᠡᠷ ᠪᠦᠷᠢᠯᠳᠦᠵᠤ᠂ ᠠᠯᠳᠠᠷᠳᠤ ᠵᠤᠬᠢᠶᠠᠯᠴᠢ ᠪᠦᠷᠢᠨᠪᠠᠶᠠᠷ᠎ᠤᠨ ᠶᠡᠷᠦ᠎ᠶᠢᠨ ᠬᠦᠮᠦᠨ᠎ᠤ ᠶᠡᠷᠦ ᠪᠤᠰᠤ᠎ᠶᠢᠨ ᠦᠢᠯᠡ ᠶᠠᠪᠤᠳᠠᠯ᠎ᠢ ᠬᠦᠤᠷᠨᠢᠨ ᠳᠡᠮᠳᠡᠭᠯᠡᠭᠰᠡᠨ᠂ ᠨᠠᠷᠢᠨ ᠦᠢᠯᠡᠰ ᠨᠢᠳᠦᠨ᠎ᠳᠤ ᠦᠵᠡᠭᠳᠡᠵᠤ ᠭᠠᠷ᠎ᠲᠤ ᠪᠠᠷᠢᠭᠳᠠᠮ᠎ᠠ᠂ ᠵᠠᠩ ᠠᠭᠠᠯᠢ᠎ᠶᠢ ᠦᠩᠬᠡ ᠭᠠᠯᠪᠢᠷ᠎ᠲᠠᠢ ᠳᠤᠳᠤᠷᠠᠭᠤᠯᠤᠨ ᠦᠯᠢᠬᠡᠷ ᠤᠴᠢᠷ᠎ᠢ ᠰᠡᠳᠬᠢᠯ᠎ᠳᠤ ᠬᠠᠳᠠᠩᠱᠢᠭᠤᠯᠤᠮᠠ ᠳᠤᠭᠤᠷᠪᠢᠭᠰᠠᠨ ᠤᠯᠠᠨ ᠰᠠᠢᠬᠠᠨ ᠪᠦᠳᠦᠬᠡᠯᠤᠳᠢ ᠬᠠᠮᠤᠷᠴᠠᠢ᠃
ᠨᠡᠷᠡᠳᠦ ᠵᠤᠬᠢᠶᠠᠯᠴᠢ ᠪᠦᠷᠢᠨᠪᠠᠶᠠᠷ ᠭᠤᠧᠠᠢ ᠪᠤᠯ ᠦᠪᠦᠷ ᠮᠤᠩᠭᠤᠯ᠎ᠤᠨ ᠵᠠᠷᠤᠳ ᠬᠤᠱᠢᠭᠤᠨ᠎ᠤ ᠤᠤᠭᠠᠯ᠂ ᠤᠯᠤᠰ᠎ᠤᠨ ᠨᠢᠬᠡᠳᠦᠬᠡᠷ ᠳᠡᠰ᠎ᠤᠨ ᠵᠤᠬᠢᠶᠠᠯᠴᠢ᠂ ᠪᠦᠬᠦ ᠤᠯᠤᠰ᠎ᠤᠨ ᠴᠦᠬᠡᠨ ᠳᠤᠭᠠᠳᠤ ᠦᠨᠳᠦᠰᠦᠳᠡᠨ᠎ᠤ ᠤᠳᠬ᠎ᠠ ᠵᠤᠬᠢᠶᠠᠯ᠎ᠤᠨ 《ᠠᠵᠢᠨᠠᠢ ᠬᠦᠯᠦᠭ》 ᠱᠠᠩᠨᠠᠯ ᠱᠢᠯᠭᠠᠷᠠᠭᠤᠯᠬᠤ ᠺᠤᠮᠢᠰ᠎ᠤᠨ ᠬᠡᠱᠢᠬᠦᠨ᠂ ᠪᠦᠬᠦ ᠤᠯᠤᠰ᠎ᠤᠨ 《ᠯᠦ᠍ ᠱᠢᠶᠦ᠋ᠨ》 ᠤᠳᠬ᠎ᠠ ᠵᠤᠬᠢᠶᠠᠯ᠎ᠤᠨ ᠱᠠᠩᠨᠠᠯ ᠱᠢᠯᠭᠠᠷᠠᠭᠤᠯᠬᠤ ᠺᠤᠮᠢᠰ᠎ᠤᠨ ᠬᠡᠱᠢᠬᠦᠨ᠂ ᠪᠦᠬᠦ ᠤᠯᠤᠰ᠎ᠤᠨ 《ᠳᠤᠷᠤᠨ᠎ᠠ》 ᠤᠳᠬ᠎ᠠ ᠵᠤᠬᠢᠶᠠᠯ᠎ᠤᠨ ᠱᠠᠩᠨᠠᠯ ᠱᠢᠯᠭᠠᠷᠠᠭᠤᠯᠬᠤ ᠺᠤᠮᠢᠰ᠎ᠤᠨ ᠬᠡᠱᠢᠬᠦᠨ ᠪᠦᠬᠡᠳ ᠠᠯᠪᠠᠨ ᠬᠡᠷ᠎ᠤᠨ ᠳᠡᠳ᠋ ᠡᠷᠬᠢᠯᠡᠭᠴᠢ᠂ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ 《ᠰᠤᠯᠤᠩᠭ᠎ᠠ》 ᠤᠳᠬ᠎ᠠ ᠵᠤᠬᠢᠶᠠᠯ᠎ᠤᠨ ᠱᠠᠩᠨᠠᠯ ᠱᠢᠯᠭᠠᠷᠠᠭᠤᠯᠬᠤ ᠺᠤᠮᠢᠰ᠎ᠤᠨ ᠬᠡᠱᠢᠬᠦᠨ᠃ ᠳᠡᠷᠡᠪᠡᠷ ᠦᠪᠦᠷ ᠮᠤᠩᠭᠤᠯ᠎ᠤᠨ ᠵᠤᠬᠢᠶᠠᠯᠴᠢᠳ᠎ᠤᠨ ᠨᠡᠢᠬᠡᠮᠯᠢᠭ᠎ᠤᠨ ᠪᠠᠢᠩᠭᠤ᠎ᠶᠢᠨ ᠳᠡᠳ᠋ ᠳᠡᠷᠢᠬᠦᠯᠡᠭᠴᠢ᠂ 《ᠵᠢᠷᠢᠮ᠎ᠤᠨ ᠤᠷᠠᠨ ᠵᠤᠬᠢᠶᠠᠯ》 ᠰᠡᠳᠬᠦᠯ᠎ᠤᠨ ᠶᠡᠷᠦᠩᠬᠡᠢ ᠨᠠᠢᠷᠠᠭᠤᠯᠤᠭᠴᠢ᠂ ᠳᠤᠮᠳᠠᠳᠤ ᠤᠯᠤᠰ᠎ᠤᠨ ᠮᠡᠳᠡᠬᠡᠯᠡᠯ᠎ᠤᠨ ᠤᠷᠠᠨ ᠵᠤᠬᠢᠶᠠᠯ᠎ᠤᠨ ᠨᠡᠢᠬᠡᠮᠯᠢᠭ᠎ᠤᠨ ᠬᠡᠷᠡᠭ ᠡᠷᠬᠢᠯᠡᠭᠴᠢ ᠵᠡᠷᠬᠡ ᠤᠯᠠᠨ ᠡᠬᠦᠷᠬᠡ ᠳᠤᠱᠢᠶᠠᠯ ᠬᠠᠷᠢᠭᠤᠴᠠᠵᠤ ᠶᠠᠪᠤᠵᠠᠢ᠃ 1972ᠣᠨ᠎ᠳᠤ ᠤᠤᠭᠠᠨ ᠪᠦᠳᠦᠬᠡᠯ 《ᠳᠡᠤᠬᠡ᠎ᠶᠢ ᠡᠬᠦᠳᠦᠨ ᠪᠦᠳᠦᠬᠡᠭᠴᠢ ᠬᠦᠳᠡᠯᠮᠦᠷᠢᠴᠢᠳ》 ᠢᠶᠡᠨ 《ᠵᠢᠷᠢᠮ᠎ᠤᠨ ᠰᠤᠨᠢᠨ》 ᠳᠤ ᠨᠡᠢᠳᠡᠯᠡᠬᠦᠯᠦᠭᠰᠡᠨᠡᠴᠡ ᠨᠠᠭᠠᠱᠢ ᠳᠤᠭ᠎ᠠ ᠳᠤᠮᠱᠢ ᠦᠬᠡᠢ ᠤᠯᠠᠨ ᠪᠦᠳᠦᠬᠡᠯ ᠳᠤᠭᠤᠷᠪᠢᠨ ᠤᠯᠤᠰ᠎ᠤᠨ ᠳᠤᠳᠤᠭᠠᠳᠤᠭᠠᠳᠠᠭᠠᠳᠤᠶᠢᠨ ᠰᠤᠨᠢᠨ ᠰᠡᠳᠬᠦᠯᠤᠳᠢᠶᠡᠷ ᠨᠡᠢᠳᠡᠯᠡᠬᠦᠯᠵᠤ᠂ ᠪᠦᠬᠦ ᠤᠯᠤᠰ᠎ᠤᠨ ᠴᠦᠬᠡᠨ ᠳᠤᠭᠠᠳᠤ ᠦᠨᠳᠦᠰᠦᠳᠡᠨ᠎ᠤ ᠤᠳᠬ᠎ᠠ ᠵᠤᠬᠢᠶᠠᠯ᠎ᠤᠨ 《ᠠᠵᠢᠨᠠᠢ ᠬᠦᠯᠦᠭ》 ᠱᠠᠩᠨᠠᠯ᠂ ᠪᠦᠬᠦ ᠤᠯᠤᠰ᠎ᠤᠨ 《ᠳᠠᠪᠤ ᠨᠢᠬᠡ᠎ᠶᠢᠨ ᠢᠨᠵᠧᠨᠧᠷᠢᠩ》 ᠤᠨ ᠱᠠᠩᠨᠠᠯ᠂ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ 《ᠰᠤᠯᠤᠩᠭ᠎ᠠ》 ᠱᠠᠩᠨᠠᠯ ᠵᠡᠷᠬᠡᠪᠡᠷ ᠤᠯᠠᠨᠳᠠ ᠮᠢᠯᠢᠶᠠᠯᠭᠠᠵᠤ ᠶᠠᠪᠤᠵᠠᠢ᠃
ᠱᠢᠨᠬᠤᠧᠠ ᠮᠤᠩᠭᠤᠯ ᠨᠧᠲ᠎ᠡᠴᠡ ᠱᠢᠯᠵᠢᠭᠦᠯᠦᠨ ᠨᠡᠢᠲᠡᠯᠡᠪᠡ