【ᠱᠢᠯᠵᠢᠭᠦᠯᠦᠨ ᠨᠡᠢᠲᠡᠯᠡᠭᠰᠡᠨ】 《ᠦᠵᠡᠰᠭᠦᠯᠡᠩᠲᠦ ᠰᠠᠢᠬᠠᠨ ᠤᠮᠠᠷᠠᠲᠦ ᠬᠢᠯᠢ》 ᠶᠠᠷᠢᠶᠠᠨ᠎ᠤ ᠲᠠᠪᠴᠠᠩ ᠡᠬᠢᠯᠡᠪᠠ
2019.05.01

      《ᠦᠵᠡᠰᠭᠦᠯᠡᠩᠲᠦ ᠰᠠᠢᠬᠠᠨ ᠤᠮᠠᠷᠠᠲᠦ ᠬᠢᠯᠢ ᠶᠠᠷᠢᠶᠠᠨ᠎ᠤ ᠲᠠᠪᠴᠠᠩ᠎ᠨᠢ ᠥᠪᠡᠷᠳᠡᠭᠡᠨ ᠵᠠᠰᠠᠬᠤ ᠣᠷᠤᠨ᠎ᠤ ᠨᠠᠮ᠎ᠤᠨ ᠬᠣᠷᠢᠶ᠎ᠠ᠎ᠶᠢᠨ ᠤᠬᠠᠭᠤᠯᠬᠤ ᠬᠡᠯᠳᠠᠰ᠎ᠡᠴᠡ ᠭᠣᠤᠯᠯᠠᠨ ᠬᠠᠮᠢᠶᠠᠷᠴᠦ᠂ ᠥᠪᠤᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠡᠴᠡ ᠭᠣᠤᠯᠯᠠᠨ ᠡᠷᠬᠢᠯᠡᠭᠰᠡᠨ ᠭᠣᠤᠯ ᠰᠠᠳᠤᠪᠲᠦ ᠦᠵᠡᠯ ᠰᠠᠨᠠᠭ᠎ᠠ ᠰᠣᠶᠤᠯ᠎ᠤᠨ ᠰᠣᠯᠢᠯᠴᠠᠭᠠᠨ᠎ᠤ ᠠᠵᠢᠯᠯᠠᠭ᠎ᠠ ᠪᠣᠯᠤᠨ᠎ᠠ᠂ ᠶᠠᠷᠢᠶᠠᠨ᠎ᠤ ᠲᠠᠪᠴᠠᠩ᠎ᠨᠢ ᠦᠵᠡᠯ ᠰᠠᠨᠠᠭ᠎ᠠ ᠣᠨᠤᠯ᠎ᠤᠨ ᠤᠳᠤᠷᠢᠳᠤᠮᠵᠢ ᠪᠣᠯᠤᠨ ᠦᠢᠯᠡᠳᠤᠯᠭᠡ᠎ᠶᠢᠨ ᠱᠢᠨ᠎ᠡ᠎ᠶᠢ ᠡᠭᠦᠳᠬᠦ ᠦᠷ᠎ᠡ ᠪᠥᠳᠤᠮᠵᠢ᠎ᠶᠢ ᠲᠣᠪᠤᠢᠯᠭᠠᠵᠤ᠂ ᠭᠣᠤᠯ ᠲᠥᠪ᠎ᠦᠨ ᠲᠣᠭᠤᠷᠢᠨ᠎ᠳᠤ ᠶᠡᠬᠡ ᠳᠠᠯ᠎ᠠ᠎ᠳᠤ ᠦᠢᠯᠡᠴᠢᠯᠡᠵᠤ᠂ ᠠᠮᠢ ᠠᠬᠤᠢ᠂ ᠬᠦᠨ ᠤᠬᠠᠭᠠᠨ᠂ ᠰᠣᠶᠤᠯ ᠢᠷᠭᠡᠨᠱᠢᠯ᠂ ᠤᠷᠠᠯᠢᠭ᠂ ᠠᠵᠤ ᠠᠬᠤᠢ᠂ ᠰᠤᠷᠭᠠᠨ ᠬᠥᠮᠦᠵᠢᠯ ᠵᠡᠷᠭᠡ᠎ᠪᠡᠷ ᠭᠣᠤᠯ ᠰᠠᠳᠤᠪ ᠪᠣᠯᠭᠠᠨ᠂ ᠳᠤᠭᠳᠠᠭᠰᠠᠨ ᠬᠤᠭᠤᠴᠠᠭ᠎ᠠ᠎ᠲᠠᠢ᠎ᠪᠡᠷ᠎ᠨᠡᠷ᠎ᠡ ᠬᠦᠨᠳᠦᠳᠦ ᠳᠤᠰᠭᠠᠢ ᠮᠡᠷᠭᠡᠵᠢᠯᠳᠡᠨ᠎ᠢ ᠬᠥᠬᠡᠬᠤᠲᠠ᠎ᠳᠤ ᠤᠷᠢᠵᠤ᠂ ᠶᠠᠷᠢᠶ᠎ᠠ ᠢᠯᠡᠳᠭᠡᠯ ᠬᠢᠯᠭᠡᠬᠦ ᠪᠣᠯᠤᠨ᠎ᠠ᠃

      4 ᠰᠠᠷ᠎ᠠ᠎ᠶᠢᠨ 30᠎ᠤ ᠦᠳᠠ᠎ᠶᠢᠨ ᠡᠮᠦᠨ᠎ᠠ᠂ ᠥᠪᠤᠷ ᠮᠣᠩᠭᠤᠯ᠎ᠤᠨ ᠬᠡᠪᠯᠡᠯ᠎ᠦᠨ ᠪᠦᠯᠦᠭᠯᠡᠯ᠎ᠡᠴᠡ ᠭᠣᠤᠯᠯᠠᠨ ᠡᠷᠬᠢᠯᠡᠭᠰᠡᠨᠦᠵᠡᠰᠭᠦᠯᠡᠩᠲᠦ ᠰᠠᠢᠬᠠᠨ ᠤᠮᠠᠷᠠᠲᠦ ᠬᠢᠯᠢ ᠶᠠᠷᠢᠶᠠᠨ᠎ᠤ ᠲᠠᠪᠴᠠᠩ ᠥᠪᠤᠷ ᠮᠣᠩᠭᠤᠯ᠎ᠤᠨ ᠠᠷᠠᠳ᠎ᠤᠨ ᠬᠤᠷᠠᠯ᠎ᠤᠨ ᠲᠠᠩᠬᠢᠮ᠎ᠳᠤ ᠡᠬᠢᠯᠡᠵᠤ᠂ ᠨᠡᠢᠭᠡᠮ᠎ᠦᠨ ᠡᠯ᠎ᠠ ᠡᠳᠡᠭᠡᠳ᠎ᠦᠨ ᠬᠢᠨ᠎ᠦ 1200 ᠭᠠᠷᠤᠢ ᠬᠥᠮᠦᠨ ᠣᠷᠤᠯᠴᠠᠪᠠ᠃

      ᠠᠩᠬᠠᠳᠤᠭᠠᠷ ᠬᠤᠭᠤᠴᠠᠭᠠᠨ᠎ᠤᠦᠵᠡᠰᠭᠦᠯᠡᠩᠲᠦ ᠰᠠᠢᠬᠠᠨ ᠤᠮᠠᠷᠠᠲᠦ ᠬᠢᠯᠢ ᠶᠠᠷᠢᠶᠠᠨ᠎ᠤ ᠲᠠᠪᠴᠠᠩ᠎ᠳᠤ ᠤᠤᠯ᠎ᠤᠨ ᠭᠠᠳᠠᠭᠠᠳᠦ ᠠᠷᠠᠯᠵᠢᠶ᠎ᠠ᠎ᠶᠢᠨ ᠶᠠᠮᠤᠨ᠎ᠤ ᠳᠡᠳ᠋ ᠳᠠᠷᠤᠭ᠎ᠠ᠂ ᠳᠤᠮᠳᠠᠳᠦ ᠤᠯᠤᠰ᠎ᠤᠨ ᠳᠡᠯᠡᠬᠡᠢ᠎ᠶᠢᠨ ᠬᠤᠳᠠᠯᠳᠤᠭᠠᠨ᠎ᠤ ᠪᠠᠢᠭᠤᠯᠭ᠎ᠠ᠎ᠳᠤ ᠤᠷᠤᠬᠤ ᠠᠬᠠᠯᠠᠬᠤ ᠬᠡᠯᠡᠯᠴᠡᠭᠡᠴᠢ᠂ ᠪᠥᠸᠸ ᠤᠤ᠌᠎ᠶᠢᠨ ᠠᠽᠢᠶ᠎ᠠ᠎ᠶᠢᠨ ᠶᠠᠷᠢᠶᠠᠨ᠎ᠤ ᠲᠠᠪᠴᠠᠩ᠎ᠤᠨ ᠤᠤᠯ᠎ᠤᠨ ᠬᠡᠷᠡᠭ ᠮᠡᠳᠡᠭᠴᠢ᠂ ᠨᠠᠷᠢᠨ ᠪᠢᠴᠢᠭ᠎ᠤᠨ ᠳᠠᠷᠤᠭ᠎ᠠ ᠯᠦᠩ ᠶᠦᠩ ᠲᠥ᠎ᠡᠴᠡ ᠣᠳᠤᠬᠢ᠎ᠶᠢᠨ ᠠᠵᠤ ᠠᠬᠤᠢ᠎ᠶᠢᠨ ᠪᠠᠢᠳᠠᠯ ᠬᠢᠭᠡᠳ ᠮᠠᠨ᠎ᠤ ᠤᠯᠤᠰ᠎ᠤᠨ ᠭᠠᠳᠠᠭᠠᠳᠦ᠎ᠯᠤᠭ᠎ᠠ᠎ᠶᠢᠨ ᠴᠢᠯᠦᠭᠡᠳᠠᠢ ᠶᠠᠪᠤᠯᠴᠠᠭ᠎ᠠ ᠬᠡᠬᠦ ᠭᠣᠤᠯ ᠰᠠᠳᠤᠪ᠎ᠢᠶᠠᠷ ᠲᠠᠢᠯᠤᠮᠵᠢ ᠬᠢᠭᠰᠡᠨ ᠪᠠᠢᠨ᠎ᠠ᠃

     ᠯᠦᠩ ᠶᠦᠩ ᠲᠥ ᠲᠠᠢᠯᠤᠮᠵᠢ᠎ᠳᠤ᠎ᠪᠠᠨ ᠪᠥᠬᠦ ᠪᠥᠮᠪᠦᠷᠴᠡᠭ᠎ᠦᠨ ᠠᠵᠤ ᠠᠬᠤᠢ᠎ᠶᠢᠨ ᠨᠢᠭᠡ ᠴᠤᠭᠴᠠᠵᠢᠯᠳᠠ ᠬᠢᠭᠡᠳ ᠮᠠᠨ᠎ᠤ ᠤᠯᠤᠰ᠎ᠤᠨ ᠥᠭᠡᠷᠡᠴᠢᠯᠡᠯᠳᠠ ᠨᠡᠭᠡᠭᠡᠯᠳᠠ ᠬᠢᠭᠰᠡᠨ 40 ᠵᠢᠯ᠎ᠳᠡᠬᠢ ᠤᠯᠠᠨ ᠤᠯᠤᠰ᠎ᠤᠨ ᠤᠯᠤᠰ ᠲᠥᠷᠦ ᠠᠵᠤ ᠠᠬᠤᠢ᠎ᠶᠢᠨ ᠬᠤᠪᠢᠷᠠᠯᠳᠠ;ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠱᠢᠬᠢ ᠮᠠᠨ᠎ᠤ ᠤᠯᠤᠰ᠎ᠤᠨ ᠭᠠᠳᠠᠭᠠᠳᠦ᠎ᠯᠤᠭ᠎ᠠ ᠴᠢᠯᠦᠭᠡᠳᠠᠢ ᠶᠠᠪᠤᠯᠴᠠᠭᠰᠠᠨ ᠱᠢᠨ᠎ᠡ ᠣᠨᠴᠠᠯᠢᠭ᠂ ᠮᠠᠨ᠎ᠤ ᠤᠯᠤᠰ᠎ᠤᠨ ᠭᠠᠳᠠᠭᠠᠳᠦ᠎ᠯᠤᠭ᠎ᠠ ᠴᠢᠯᠦᠭᠡᠳᠠᠢ ᠶᠠᠪᠤᠯᠴᠠᠭᠰᠠᠨ ᠭᠤᠷᠪᠠᠨ ᠶᠡᠬᠡ ᠬᠦᠱᠢᠶ᠎ᠠ; ᠨᠢᠭᠡ ᠪᠦᠰᠠ ᠨᠢᠭᠡ ᠵᠠᠮ᠎ᠤᠨ ᠤᠷᠢᠶᠠᠯᠠᠭ᠎ᠠ᠎ᠨᠢ ᠤᠯᠤᠰ᠎ᠤᠨ ᠳᠤᠳᠤᠭᠠᠳᠦ ᠭᠠᠳᠠᠭᠠᠳᠦ᠎ᠶᠢᠨ ᠬᠤᠶᠠᠷ ᠲᠠᠯ᠎ᠠ᠎ᠶᠢ ᠬᠠᠮᠲᠦ᠎ᠳᠤ ᠎ᠨᠢ ᠬᠠᠷᠠᠭᠠᠯᠵᠠᠵᠤ᠂ ᠳᠤᠮᠳᠠᠳᠦ ᠤᠯᠤᠰ᠎ᠤᠨ ᠭᠠᠳᠠᠭᠠᠳᠦ᠎ᠯᠤᠭ᠎ᠠ᠎ᠶᠢᠨ ᠴᠢᠯᠦᠭᠡᠳᠠᠢ ᠶᠠᠪᠤᠯᠴᠠᠭ᠎ᠠ ᠱᠢᠨ᠎ᠡ ᠱᠠᠳᠤᠨ᠎ᠳᠤ ᠣᠷᠤᠭᠰᠠᠨ; ᠭᠠᠳᠠᠭᠠᠳᠤ ᠎ᠲᠠᠢ ᠴᠢᠯᠦᠭᠡᠳᠠᠢ ᠶᠠᠪᠤᠯᠴᠠᠬᠤ᠎ᠶᠢ ᠪᠠᠷᠢᠮᠳᠠᠯᠠᠨ ᠳᠤᠮᠳᠠᠳᠦ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠳᠠ᠎ᠶᠢᠨ ᠳᠤᠮᠳᠠᠳᠦ᠎ᠶᠢᠨ ᠬᠦᠰᠡᠯ᠎ᠢ ᠲᠡᠷᠭᠡᠯᠱᠢᠭᠦᠯᠬᠦ᠎ᠪᠡᠷ ᠴᠢᠷᠮᠠᠢᠶ᠎ᠠ ᠵᠡᠷᠭᠡ ᠣᠳᠤᠬᠠᠨ᠎ᠤ ᠬᠠᠯᠠᠭᠤᠷᠠᠯ ᠠᠰᠠᠭᠤᠳᠠᠯ᠎ᠢ ᠵᠠᠳᠠᠯᠤᠨ ᠶᠠᠷᠢᠵᠤ᠂ ᠪᠥᠬᠦ ᠪᠥᠮᠪᠦᠷᠴᠡᠭ᠎ᠤᠨ ᠬᠠᠷᠠᠭᠠᠰᠦ᠂ ᠪᠦᠬᠦ ᠤᠯᠤᠰ᠎ᠤᠨ ᠵᠣᠭᠰᠤᠴᠠ᠂ ᠥᠪᠦᠷ ᠮᠣᠩᠭᠤᠯ᠎ᠤᠨ ᠣᠷᠤᠨ ᠪᠠᠢᠷᠢ᠎ᠡᠴᠡ ᠣᠨᠤᠯ ᠦᠢᠯᠡᠳᠦᠯᠭᠡ᠂ ᠤᠯᠤᠰ᠎ᠤᠨ ᠳᠤᠳᠤᠭᠠᠳᠦ ᠭᠠᠳᠠᠭᠠᠳᠦ᠂ ᠥᠪᠤᠷ ᠮᠣᠩᠭᠤᠯ᠎ᠤᠨ ᠬᠥᠭᠵᠢᠯᠳᠠ᠎ᠶᠢᠨ ᠪᠠᠢᠯᠳᠤᠬᠤ ᠪᠣᠳᠤᠯᠭ᠎ᠠ ᠵᠢᠴᠢ ᠪᠤᠳᠠᠳᠠᠢ ᠦᠢᠯᠡᠳᠤᠯᠭᠡ᠎ᠶᠢᠨ ᠵᠠᠮ᠎ᠢ ᠵᠠᠳᠠᠯᠤᠨ ᠱᠢᠨᠵᠢᠯᠡᠪᠠ᠃ ᠡᠳᠡᠭᠡᠷ᠎ᠨᠢ ᠥᠪᠤᠷ ᠮᠣᠩᠭᠤᠯ᠎ᠤᠨ ᠠᠮᠢ ᠠᠬᠤᠢ ᠶᠠᠭᠤᠨ᠎ᠤ ᠤᠷᠢᠳ ᠪᠤᠬᠢᠷᠳᠤᠯ᠎ᠦᠭᠡᠢ ᠬᠦᠭᠵᠢᠯᠳᠠ᠎ᠶᠢᠨ ᠤᠢᠯᠭᠠᠯᠳᠠ᠎ᠶᠢ ᠪᠠᠷᠢᠮᠳᠠᠯᠠᠨ᠂ ᠥᠪᠤᠷ ᠮᠣᠩᠭᠤᠯ᠎ᠤᠨ ᠣᠷᠤᠨ ᠨᠤᠲᠤᠭ᠎ᠤᠨ ᠠᠵᠤ ᠠᠬᠤᠢ᠎ᠶᠢᠨ ᠴᠢᠨᠠᠷ ᠰᠠᠢᠳᠠᠢ ᠬᠥᠭᠵᠢᠯᠲᠠ᠎ᠶᠢ ᠲᠦᠯᠬᠢᠨ ᠠᠬᠢᠭᠤᠯᠵᠤ᠂ ᠥᠷᠭᠡᠨ ᠤᠯᠠᠨ ᠺᠠᠳ᠋ᠷ ᠤᠯᠠᠨ ᠲᠦᠮᠡᠨ᠎ᠦ ᠦᠵᠡᠯ ᠰᠠᠨᠠᠭ᠎ᠠ ᠣᠨᠤᠯ᠎ᠤᠨ ᠬᠢᠷᠢ ᠲᠦᠪᠱᠢᠨ ᠬᠢᠭᠡᠳ ᠰᠣᠶᠤᠯ᠎ᠤᠨ ᠬᠡᠪ ᠪᠣᠯᠪᠠᠰᠤᠷᠠᠯ᠎ᠢ ᠳᠡᠭᠡᠭᠱᠢᠯᠡᠭᠦᠯᠬᠦ᠎ᠳᠦ ᠬᠠᠨᠳᠤᠯᠭᠠᠳᠦ ᠴᠢᠨᠠᠷᠳᠠᠢ ᠵᠢᠯᠤᠭᠤᠳᠤᠯᠭ᠎ᠠ ᠬᠠᠩᠭᠠᠭᠰᠠᠨ ᠪᠠᠢᠨ᠎ᠠ᠃

      ᠭᠣᠤᠯᠯᠠᠨ ᠡᠷᠬᠢᠯᠡᠭᠰᠡᠨ ᠨᠢᠭᠡᠴᠠ᠎ᠡᠴᠡ ᠢᠯᠡᠷᠬᠡᠢᠯᠡᠭᠰᠡᠨ᠎ᠨᠢ᠂ ᠯᠦᠩ ᠶᠦᠩ ᠲᠥ ᠠᠪᠤᠭᠠᠢ᠎ᠶᠢᠨ ᠲᠤᠰ ᠤᠳᠠᠭᠠᠨ᠎ᠤ ᠲᠠᠢᠯᠤᠮᠵᠢ᠎ᠨᠢ ᠥᠪᠤᠷ ᠮᠣᠩᠭᠤᠯ᠎ᠤᠨ ᠱᠢᠨ᠎ᠡ ᠴᠠᠭ ᠦᠶ᠎ᠠ᠎ᠶᠢᠨ ᠮᠣᠩᠭᠤᠯ ᠮᠣᠷᠢᠨ᠎ᠤ ᠵᠣᠷᠢᠭ ᠰᠠᠨᠠᠭ᠎ᠠ᠎ᠶᠢ ᠪᠠᠳᠠᠷᠠᠭᠤᠯᠤᠨ᠂ ᠬᠦᠭᠵᠢᠯᠳᠠ᠎ᠶᠢᠨ ᠱᠢᠨ᠎ᠡ ᠰᠡᠳᠬᠢᠴᠠ᠂ ᠱᠢᠨ᠎ᠡ ᠬᠠᠷᠠᠭᠠᠰᠦ᠎ᠶᠢ ᠪᠠᠷᠢᠮᠳᠠᠯᠠᠵᠤ᠂ ᠡᠢᠮᠦᠷᠬᠦᠦ ᠲᠠᠢᠯᠤᠮᠵᠢ᠎ᠶᠢ ᠦᠷᠭᠦᠯᠵᠢᠯᠡᠨ ᠵᠣᠬᠢᠶᠠᠨ ᠪᠠᠢᠭᠤᠯᠤᠨᠦᠵᠡᠰᠭᠦᠯᠡᠩᠲᠦ ᠰᠠᠢᠬᠠᠨ ᠤᠮᠠᠷᠠᠲᠦ ᠬᠢᠯᠢ ᠶᠠᠷᠢᠶᠠᠨ᠎ᠤ ᠲᠠᠪᠴᠠᠩ᠎ᠤᠨ ᠲᠥᠷᠦᠯ ᠲᠡᠮᠳᠡᠭ᠎ᠢ ᠡᠭᠦᠳᠴᠦ᠂ ᠠᠵᠤ ᠠᠬᠤᠢ᠎ᠶᠢᠨ ᠬᠥᠭᠵᠢᠯᠳᠠ᠎ᠶᠢᠨ ᠴᠢᠨᠠᠷ ᠰᠠᠢᠳᠠᠢ ᠬᠥᠭᠵᠢᠯᠳᠠ᠎ᠳᠤ ᠬᠦᠴᠦᠨ ᠨᠡᠮᠡᠷᠢᠯᠡᠨ᠎ᠠ ᠭᠡᠪᠠ᠃

      ᠲᠤᠰ ᠮᠡᠳᠡᠭᠡ᠎ᠶᠢ ᠥᠪᠦᠷ ᠮᠣᠩᠭᠤᠯ᠎ᠤᠨ ᠡᠳᠦᠷ᠎ᠤᠨ ᠰᠣᠨᠢᠨ᠎ᠤ ᠮᠣᠩᠭᠤᠯ ᠬᠡᠪᠯᠡᠯ᠎ᠡᠴᠡ ᠱᠢᠯᠵᠢᠭᠦᠯᠦᠨ ᠨᠡᠢᠲᠡᠯᠡᠪᠡ᠃

(ᠬᠠᠷᠢᠭᠤᠴᠠᠭᠰᠠᠨ ᠨᠠᠢᠷᠠᠭᠤᠯᠤᠭᠴᠢ : ᠰᠠᠭᠤᠷᠢᠪᠡᠬᠢ)
ᠳᠠᠷᠠᠭᠠᠬᠢ ᠵᠣᠬᠢᠶᠠᠯ᠄ ᠵᠣᠬᠢᠶᠠᠯ᠎ᠦᠭᠡᠢ ᠪᠣᠯᠵᠠᠢ
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604