《ᠨᠣᠮ᠎ᠤᠨ ᠠᠭᠠᠷ ᠪᠢᠯᠬᠠᠭᠰᠠᠨ ᠳᠠᠯᠠᠨ ᠵᠢᠯ·ᠱᠢᠨ᠎ᠡ ᠳᠤᠮᠳᠠᠳᠤ ᠤᠯᠤᠰ᠎ᠤᠨ ᠨᠣᠮ ᠪᠢᠴᠢᠭ᠎ᠤᠨ᠎ᠪᠠᠷ ᠬᠡᠪᠯᠡᠯ᠎ᠦᠨ ᠦᠵᠡᠭᠦᠯᠭᠡ》 ᠡᠬᠢᠯᠡᠯ᠎ᠡ
2019.12.24

     《ᠨᠣᠮ᠎ᠤᠨ ᠠᠭᠠᠷ ᠪᠢᠯᠬᠠᠭᠰᠠᠨ ᠳᠠᠯᠠᠨ ᠵᠢᠯ·ᠱᠢᠨ᠎ᠡ ᠳᠤᠮᠳᠠᠳᠤ ᠤᠯᠤᠰ᠎ᠤᠨ ᠨᠣᠮ ᠪᠢᠴᠢᠭ᠎ᠤᠨ᠎ᠪᠠᠷ ᠬᠡᠪᠯᠡᠯ᠎ᠦᠨ ᠦᠵᠡᠭᠦᠯᠭᠡ》

      ᠬᠥᠱᠢᠭᠡ᠎ᠪᠡᠨ ᠢᠷᠡᠵᠦ᠂ 1.2 ᠳᠦᠮᠡᠨ ᠨᠣᠮ ᠪᠢᠴᠢᠭ᠎ᠤᠨ᠎ᠪᠡᠷ ᠬᠡᠪᠯᠡᠯ ᠴᠢ ᠪᠢᠳᠡᠨ᠎ᠦ ᠤᠢ ᠰᠠᠭᠤᠭᠳᠠᠯ᠎ᠢ ᠳᠠᠭᠤᠳᠠᠨ ᠰᠡᠷᠡᠭᠡᠯ᠎ᠡ

 

  ᠲᠥᠪ᠎ᠤᠨ ᠤᠬᠠᠭᠤᠯᠬᠤ ᠬᠡᠯᠳᠡᠰ᠎ᠡᠴᠡ ᠡᠷᠬᠢᠯᠡᠭᠰᠡᠨ 《ᠨᠣᠮ᠎ᠤᠨ ᠠᠭᠠᠷ ᠪᠢᠯᠬᠠᠭᠰᠠᠨ ᠳᠠᠯᠠᠨ ᠵᠢᠯ·ᠱᠢᠨ᠎ᠡ ᠳᠤᠮᠳᠠᠳᠤ ᠤᠯᠤᠰ᠎ᠤᠨ ᠨᠣᠮ ᠪᠢᠴᠢᠭ᠎ᠤᠨ᠎ᠪᠠᠷ ᠬᠡᠪᠯᠡᠯ᠎ᠦᠨ ᠦᠵᠡᠭᠦᠯᠭᠡ》 9᠎ᠤ ᠡᠳᠦᠷ ᠤᠯᠤᠰ᠎ᠤᠨ ᠮᠦᠽᠸᠢ᠎ᠳᠤ ᠡᠬᠢᠯᠡᠨ ᠶᠠᠪᠤᠭᠳᠠᠪᠠ᠃

  ᠎ᠪᠡᠷ ᠬᠡᠪᠯᠡᠯ ᠪᠣᠯ ᠥᠨᠳᠦᠷ ᠱᠠᠳᠤᠯᠠᠯ᠎ᠤᠨ ᠰᠣᠶᠤᠯ᠎ᠤᠨ ᠠᠴᠢᠶᠠᠯᠠᠭᠴᠢ᠂ ᠰᠣᠶᠤᠯ ᠤᠯᠠᠮᠵᠢᠯᠠᠯ᠎ᠤᠨ ᠠᠯᠳᠠᠨ ᠦᠷ᠎ᠡ᠂ ᠰᠣᠶᠤᠯ᠎ᠤᠨ ᠥᠪᠡᠷ᠎ᠤᠨ ᠢᠳᠡᠭᠡᠯ᠎ᠤᠨ ᠴᠢᠬᠤᠯᠠ ᠳᠤᠯᠭᠠᠭᠤᠷᠢ ᠬᠦᠴᠦᠨ ᠪᠣᠯᠤᠨ᠎ᠠ᠃ ᠦᠵᠡᠭᠦᠯᠭᠡ᠎ᠳᠤ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ᠎ᠤᠨ ᠳᠤᠷᠱᠢᠬᠢ ᠡᠯ᠎ᠡ ᠴᠠᠭ ᠦᠶ᠎ᠡ᠂ ᠡᠯ᠎ᠡ ᠳᠥᠷᠦᠯ ᠵᠦᠢᠯ᠂ ᠡᠯ᠎ᠡ ᠶᠠᠩᠵᠦ ᠮᠠᠶᠢᠭ᠎ᠤᠨ᠎ᠪᠠᠷ ᠬᠡᠪᠯᠡᠯ᠎ᠡᠴᠡ ᠲᠥᠯᠦᠭᠡᠯᠡᠭᠴᠢ ᠴᠢᠨᠠᠷ ᠪᠦᠬᠦᠢ 1.2 ᠳᠦᠮᠡ ᠭᠠᠷᠤᠢ ᠳᠡᠪᠲᠡᠷ᠎ᠢ ᠰᠣᠩᠭᠤᠨ ᠦᠵᠡᠭᠦᠯᠵᠦ᠂ ᠤᠳᠤᠷᠢᠳᠤᠭᠴᠢ᠎ᠶᠢᠨ ᠪᠦᠳᠦᠬᠡᠯ᠂ ᠨᠡᠢᠭᠡᠮ᠎ᠦᠨ ᠱᠢᠨᠵᠢᠯᠡᠬᠦ ᠤᠬᠠᠭᠠᠨ᠂ ᠤᠳᠭ᠎ᠠ ᠤᠷᠠᠯᠢᠭ᠂ ᠱᠢᠨᠵᠢᠯᠡᠬᠦ ᠤᠬᠠᠭᠠᠨ ᠮᠡᠷᠭᠡᠵᠢᠯ᠂ ᠡᠷᠳᠡᠨ᠎ᠤ ᠨᠣᠮ ᠪᠢᠴᠢᠭ᠎ᠤᠨ ᠡᠮᠬᠢᠯᠡᠯ᠂ ᠦᠷᠭᠦᠯᠵᠢᠯᠡᠭᠰᠡᠨ ᠵᠢᠷᠤᠭ ᠬᠡᠭᠦ ᠮᠡᠲᠦ᠎ᠪᠡᠷ ᠲᠥᠷᠦᠯ ᠢᠯᠭᠠᠵᠦ᠂ ᠨᠠᠮ᠎ᠤᠨ ᠠᠷᠪᠠᠨ ᠨᠠᠢ᠍ᠮᠠᠳᠤᠭᠠᠷ ᠶᠡᠬᠡ ᠬᠤᠷᠠᠯ᠎ᠡᠴᠡ ᠨᠠᠭᠠᠰᠬᠢ ᠱᠢᠯᠢᠳᠡᠭ ᠨᠣᠮ ᠪᠢᠴᠢᠭ᠎ᠤᠨ᠎ᠪᠡᠷ ᠬᠡᠪᠯᠡᠯ᠎ᠢ ᠳᠤᠰᠭᠠᠢ ᠲᠥᠷᠦᠯ ᠪᠣᠯᠭᠠᠨ ᠳᠡᠯᠭᠡᠨ ᠦᠵᠡᠭᠦᠯᠪᠡ᠃ ᠨᠣᠮ᠎ᠤᠨ ᠦᠵᠡᠭᠦᠯᠭᠡ᠎ᠨᠢ ᠱᠢᠨ᠎ᠡ ᠳᠤᠮᠳᠠᠳᠤ ᠤᠯᠤᠰ᠎ᠤᠨ 70 ᠵᠢᠯ᠎ᠤᠨ᠎ᠪᠡᠷ ᠬᠡᠪᠯᠡᠯ᠎ᠦᠨ ᠤᠯᠠᠷᠢᠯ ᠬᠤᠪᠢᠷᠠᠯ᠎ᠢ ᠪᠦᠬᠦ ᠲᠠᠯ᠎ᠠ᠎ᠪᠡᠷ ᠳᠤᠰᠭᠠᠵᠦ᠂ ᠬᠡᠪᠯᠡᠯ᠎ᠦᠨ ᠦᠢᠯᠡᠰ ᠪᠣᠯᠤᠨ ᠨᠠᠮ ᠪᠠ ᠤᠯᠤᠰ᠎ᠤᠨ ᠡᠯ᠎ᠡ ᠠᠵᠢᠯ ᠵᠡᠷᠭᠡ᠎ᠪᠡᠷ ᠤᠷᠤᠭᠱᠢᠯᠠᠨ ᠬᠠᠮᠳᠤ᠎ᠳᠤ᠎ᠪᠠᠨ ᠴᠡᠴᠡᠭᠯᠡᠵᠦ ᠪᠠᠢᠭ᠎ᠠ ᠪᠠᠳᠠᠷᠠᠯᠳᠤ ᠪᠠᠢᠳᠠᠯ᠎ᠢ ᠳᠡᠯᠭᠡᠨ ᠦᠵᠡᠭᠦᠯᠦᠭᠰᠡᠨ ᠪᠠᠢᠨ᠎ᠠ

  ᠰᠣᠶᠤᠯ ᠪᠠ ᠬᠡᠪᠯᠡᠯ᠎ᠦᠨ ᠨᠢᠭᠡᠴᠢ᠂᠎ᠪᠡᠷ ᠬᠡᠪᠯᠡᠯ᠎ᠦᠨ ᠰᠤᠳᠤᠯᠤᠯ᠎ᠤᠨ ᠪᠠᠢᠭᠤᠯᠤᠮᠵᠢ᠂ ᠠᠵᠢᠯ ᠳᠥᠷᠦᠯ᠎ᠤᠨ ᠨᠡᠢᠭᠡᠮᠯᠢᠭ᠂ ᠶᠡᠬᠡ ᠳᠡᠭᠡᠳᠦ ᠰᠤᠷᠭᠠᠭᠤᠯᠢ᠂ ᠰᠣᠨᠢᠨ ᠮᠡᠳᠡᠭᠡ ᠵᠠᠭᠤᠴᠢᠯᠠᠭᠤᠷ ᠵᠡᠷᠭᠡ ᠬᠠᠮᠢᠶ᠎ᠠ ᠪᠦᠬᠦᠢ ᠪᠠᠢᠭᠤᠯᠭ᠎ᠠ ᠨᠢᠭᠡᠴᠢ᠎ᠶᠢᠨ 300 ᠭᠠᠷᠤᠢ ᠳᠦᠯᠦᠭᠡᠯᠡᠭᠴᠢ ᠡᠬᠢᠯᠡᠯᠳᠡ᠎ᠶᠢᠨ ᠶᠣᠰᠤᠯᠠᠯ᠎ᠳᠤ ᠣᠷᠤᠯᠴᠠᠪᠠ᠃ ᠦᠵᠡᠭᠦᠯᠭᠡ᠎ᠨᠢ 11 ᠰᠠᠷ᠎ᠠ᠎ᠶᠢᠨ 2᠎ᠤᠨ ᠡᠳᠦᠷ ᠪᠤᠯᠳᠠᠯ᠎ᠠ ᠦᠷᠭᠦᠯᠵᠢᠯᠡᠵᠡᠢ᠃

 

  1.2 ᠳᠦᠮᠡᠨ ᠨᠣᠮ ᠪᠢᠴᠢᠭ᠎ᠤᠨ᠎ᠪᠡᠷ ᠬᠡᠪᠯᠡᠯ᠎ᠳᠤ ᠴᠢ ᠪᠢᠳᠡᠨ᠎ᠦ ᠤᠢ ᠰᠠᠭᠤᠭᠳᠠᠯ ᠬᠠᠳᠠᠭᠠᠯᠠᠭᠳᠠᠵᠦ ᠪᠠᠢᠨ᠎ᠠ

  10 ᠰᠠᠷ᠎ᠠ᠎ᠶᠢᠨ 9᠎ᠤ ᠡᠳᠦᠷ᠂ ᠲᠥᠪ᠎ᠦᠨ ᠤᠬᠠᠭᠤᠯᠬᠤ ᠬᠡᠯᠳᠡᠰ ᠭᠣᠤᠯᠯᠠᠨ ᠡᠷᠬᠢᠯᠡᠵᠦ᠂ ᠲᠥᠪ᠎ᠦᠨ ᠤᠬᠠᠭᠤᠯᠬᠤ ᠬᠡᠯᠳᠡᠰ᠎ᠤᠨ ᠬᠡᠪᠯᠡᠯ᠎ᠦᠨ ᠳᠤᠪᠴᠢᠶ᠎ᠠ᠂ ᠳᠤᠮᠳᠠᠳᠤ ᠤᠯᠤᠰ᠎ᠤᠨ᠎ᠪᠡᠷ ᠬᠡᠪᠯᠡᠯ᠎ᠦᠨ ᠨᠣᠮ᠎ᠤᠨ ᠰᠠᠩ᠂ ᠤᠯᠤᠰ᠎ᠤᠨ ᠮᠦᠽᠧᠢ ᠳᠠᠭᠠᠭᠠᠴᠢᠯᠠᠨ ᠡᠷᠬᠢᠯᠡᠭᠰᠡᠨ 《ᠨᠣᠮ᠎ᠤᠨ ᠠᠭᠠᠷ ᠪᠢᠯᠬᠠᠭᠰᠠᠨ ᠳᠠᠯᠠᠨ ᠵᠢᠯ·ᠱᠢᠨ᠎ᠡ ᠳᠤᠮᠳᠠᠳᠤ ᠤᠯᠤᠰ᠎ᠤᠨ ᠨᠣᠮ ᠪᠢᠴᠢᠭ᠎ᠤᠨ᠎ᠪᠠᠷ ᠬᠡᠪᠯᠡᠯ᠎ᠦᠨ ᠦᠵᠡᠭᠦᠯᠭᠡ》 ᠤᠯᠤᠰ᠎ᠤᠨ ᠮᠦᠽᠸᠢ᠎ᠳᠤ ᠬᠥᠱᠢᠭᠡ᠎ᠪᠠᠨ ᠨᠡᠭᠡᠭᠡᠪᠡ᠃ ᠲᠥᠪ᠎ᠦᠨ ᠤᠬᠠᠭᠤᠯᠬᠤ ᠬᠡᠯᠳᠡᠰ᠎ᠦᠨ ᠪᠠᠢᠩᠭᠤ᠎ᠶᠢᠨ ᠳᠡᠳ᠋ ᠳᠠᠷᠤᠭ᠎ᠠ ᠸᠠᠩ ᠱᠢᠶᠤᠤ ᠾᠦᠢ᠂ ᠲᠥᠪ᠎ᠦᠨ ᠤᠬᠠᠭᠤᠯᠬᠤ ᠬᠡᠯᠳᠡᠰ᠎ᠦᠨ  ᠳᠡᠳ᠋ ᠳᠠᠷᠤᠭ᠎ᠠ ᠯᠢᠶᠠᠩ ᠶᠠᠨ ᠱᠦᠨ᠂ ᠪᠡᠭᠡᠵᠢᠩ ᠬᠤᠳᠠ᠎ᠶᠢᠨ ᠨᠠᠮ᠎ᠤᠨ ᠬᠣᠷᠢᠶᠠᠨ᠎ᠤ ᠪᠠᠢᠩᠭᠤ᠎ᠶᠢᠨ ᠬᠡᠱᠢᠬᠦᠨ᠂ ᠤᠬᠠᠭᠤᠯᠬᠤ ᠬᠡᠯᠳᠡᠰ᠎ᠦᠨ ᠳᠠᠷᠤᠭ᠎ᠠ᠎ᠳᠦ ᠹᠸᠢ᠎ᠵᠢᠨ᠂ ᠤᠯᠤᠰ᠎ᠤᠨ ᠮᠦᠽᠧᠢ᠎ᠶᠢᠨ ᠳᠠᠷᠤᠭ᠎ᠠ ᠸᠠᠩ ᠴᠦᠨ ᠹᠠ ᠵᠢᠴᠢ ᠡᠯ᠎ᠡ ᠡᠳᠡᠭᠡᠳ᠎ᠤᠨ ᠬᠥᠮᠦᠰ ᠡᠬᠢᠯᠡᠯᠳᠡ᠎ᠶᠢᠨ ᠶᠣᠰᠤᠯᠠᠯ᠎ᠳᠤ ᠤᠷᠤᠯᠴᠠᠵᠦ ᠦᠵᠡᠭᠦᠯᠭᠡ᠎ᠶᠢ ᠲᠣᠭᠤᠷᠢᠨ ᠦᠵᠡᠪᠡ᠃

 

  1.2 ᠳᠦᠮᠡᠨ ᠨᠣᠮ ᠪᠢᠴᠢᠭ 70 ᠵᠢᠯ᠎ᠤᠨ ᠬᠡᠪᠯᠡᠯ᠎ᠦᠨ ᠦᠢᠯᠡᠰ᠎ᠦᠨ ᠤᠯᠠᠷᠢᠯ ᠬᠤᠪᠢᠷᠠᠯ᠎ᠢ ᠠᠴᠢᠶᠠᠯᠠᠨ ᠳᠡᠮᠳᠡᠭᠯᠡᠵᠦ ᠪᠠᠢᠨ᠎ᠠ

   《ᠤᠳᠤᠷᠢᠳᠤᠭᠴᠢ᠎ᠶᠢᠨ ᠵᠣᠬᠢᠶᠠᠯ ᠪᠦᠳᠦᠬᠡᠯ᠎ᠤᠨ᠎ᠪᠡᠷ ᠬᠡᠪᠯᠡᠯ》᠂ 《ᠨᠡᠢᠭᠡᠮ᠎ᠦᠨ ᠱᠢᠨᠵᠢᠯᠡᠬᠦ ᠤᠬᠠᠭᠠᠨ᠎ᠤ ᠨᠣᠮ ᠪᠢᠴᠢᠭ᠎ᠤᠨ᠎ᠪᠡᠷ ᠬᠡᠪᠯᠡᠯ》᠂ 《ᠤᠳᠭ᠎ᠠ ᠤᠷᠠᠯᠢᠭ᠎ᠤᠨ ᠨᠣᠮ ᠪᠢᠴᠢᠭ᠎ᠤᠨ᠎ᠪᠡᠷ ᠬᠡᠪᠯᠡᠯ》᠂ 《ᠱᠢᠨᠵᠢᠯᠡᠬᠦ ᠤᠬᠠᠭᠠᠨ ᠮᠡᠷᠭᠡᠵᠢᠯ᠎ᠤᠨ ᠨᠣᠮ ᠪᠢᠴᠢᠭ᠎ᠤᠨ᠎ᠪᠡᠷ ᠬᠡᠪᠯᠡᠯ》᠂ 《ᠡᠷᠳᠡᠨ᠎ᠤ ᠨᠣᠮ ᠪᠢᠴᠢᠭ᠎ᠤᠨ ᠡᠮᠬᠢᠯᠡᠯ᠎ᠤᠨ᠎ᠪᠠᠷ ᠬᠡᠪᠯᠡᠯ》᠂ 《ᠦᠷᠭᠦᠯᠵᠢᠯᠡᠭᠰᠡᠨ ᠵᠢᠷᠤᠭᠳᠤ ᠨᠣᠮ ᠪᠢᠴᠢᠭ᠎ᠤᠨ᠎ᠪᠡᠷ ᠬᠡᠪᠯᠡᠯ》᠎ᠤᠨ ᠦᠵᠡᠭᠦᠯᠭᠡ᠎ᠶᠢᠨ ᠳᠤᠭᠤᠷᠢᠭ ᠪᠣᠯᠤᠨ 《ᠱᠢᠨ᠎ᠡ ᠴᠠᠭ ᠦᠶ᠎ᠡ᠎ᠶᠢᠨ ᠨᠣᠮ ᠪᠢᠴᠢᠭ᠎ᠤᠨ᠎ᠪᠡᠷ ᠬᠡᠪᠯᠡᠯ》᠎ᠤᠨ ᠣᠨᠴᠠᠭᠠᠢ ᠦᠵᠡᠭᠦᠯᠭᠡ᠎ᠶᠢᠨ ᠲᠣᠭᠤᠷᠢᠭ᠎ᠲᠤ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ᠎ᠡᠴᠡ ᠨᠠᠭᠠᠱᠢᠬᠢ ᠬᠡᠪᠯᠡᠯ᠎ᠦᠨ ᠭᠦᠷᠢᠶᠡᠨ᠎ᠳᠡᠬᠢ ᠳᠦᠯᠦᠬᠡᠯᠡᠭᠴᠢ ᠴᠢᠨᠠᠷ ᠪᠦᠬᠦᠢ ᠨᠣᠮ ᠪᠢᠴᠢᠭ᠎ᠤᠨ᠎ᠪᠠᠷ ᠬᠡᠪᠯᠡᠯ᠎ᠡᠴᠡ 1.2 ᠳᠦᠮᠡ ᠭᠠᠷᠤᠢ ᠨᠣᠮ ᠳᠡᠯᠭᠡᠨ ᠦᠵᠡᠭᠦᠯᠪᠡ᠃ ᠦᠵᠡᠭᠦᠯᠭᠡ᠎ᠳᠤ ᠪᠠᠰᠠ ᠴᠠᠭᠠᠰᠤᠨ ᠬᠡᠪᠯᠡᠯ᠎ᠦᠨ ᠤᠢᠯᠠᠭᠠᠯᠳᠠ᠎ᠶᠢᠨ ᠣᠷᠤᠨ᠂ ᠨᠸᠲ ᠬᠡᠪᠯᠡᠯ᠎ᠦᠨ ᠤᠢᠯᠠᠭᠠᠯᠳᠠ᠎ᠶᠢᠨ ᠣᠷᠤᠨ ᠳᠤᠬᠢᠷᠠᠭᠤᠯᠵᠦ᠂ ᠦᠵᠡᠭᠴᠢᠳ᠎ᠦᠨ ᠤᠩᠱᠢᠨ ᠰᠣᠨᠢᠷᠬᠠᠬᠤ ᠠᠮᠳᠠᠷᠬᠠᠯ᠎ᠢ ᠪᠠᠶᠠᠯᠢᠭᠵᠢᠭᠤᠯᠵᠠᠢ᠃

  ᠦᠵᠡᠭᠦᠯᠭᠡ᠎ᠶᠢᠨ ᠠᠩᠬᠠᠨ᠎ᠤ ᠡᠳᠦᠷ ᠬᠡᠪᠯᠡᠯᠴᠢᠳ᠂ ᠳᠤᠰᠭᠠᠢ ᠮᠡᠷᠬᠡᠵᠢᠯᠳᠡᠨ ᠪᠣᠯᠤᠨ ᠶᠡᠬᠡ ᠳᠡᠭᠡᠳᠦ ᠰᠤᠷᠭᠠᠭᠤᠯᠢ᠎ᠶᠢᠨ ᠬᠥᠮᠦᠰ ᠬᠦᠷᠦᠯᠴᠡᠨ ᠢᠷᠡᠵᠦ ᠳᠤᠭᠤᠷᠢᠨ ᠦᠵᠡᠭᠡᠪᠡ᠃

  ᠦᠵᠡᠭᠴᠢᠳ ᠤᠯᠠᠨ ᠡᠯ᠎ᠡ ᠳᠥᠷᠦᠯ᠎ᠤᠨ᠎ᠪᠠᠷ ᠬᠡᠪᠯᠡᠯ᠎ᠳᠤ ᠬᠦᠳᠦᠯᠦᠭᠳᠡᠨ᠂ ᠳᠠᠢᠯᠪᠤᠷᠢᠯᠠᠨ ᠶᠠᠷᠢᠭᠴᠢ᠎ᠶᠢᠨ ᠳᠠᠢᠯᠤᠮᠵᠢ᠎ᠶᠢ ᠱᠢᠮᠡᠳᠡᠬᠡᠢᠬᠡᠨ ᠰᠣᠨᠤᠰᠴᠤ᠂ ᠤᠢᠯᠠᠭᠠᠯᠳᠠ ᠳᠦᠷᠦᠭᠳᠡᠯ᠎ᠢᠶᠡᠨ ᠰᠤᠯᠢᠯᠴᠠᠵᠠᠭᠠᠨ᠎ᠠ᠃ 《ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ᠎ᠤᠨ ᠤᠢ᠎ᠳᠤ ᠳᠤᠬᠢᠶᠠᠯᠳᠤᠭᠤᠯᠤᠨ ᠳᠤᠮᠳᠠᠳᠤ ᠤᠯᠤᠰ᠎ᠤᠨ ᠬᠡᠪᠯᠡᠯ᠎ᠦᠨ ᠦᠢᠯᠡᠰ᠎ᠦᠨ 70  ᠵᠢᠯ᠎ᠤᠨ ᠠᠮᠵᠢᠯᠳᠠ ᠪᠦᠳᠦᠮᠵᠢ᠎ᠶᠢ ᠳᠡᠯᠭᠡᠨ ᠦᠵᠡᠭᠦᠯᠬᠦ᠎ᠶᠢᠨ ᠠᠴᠢ ᠬᠣᠯᠪᠤᠭᠳᠠᠯ ᠭᠦᠨ ᠪᠠᠢᠳᠠᠭ》᠂ 《1.2 ᠳᠦᠮᠡᠨ ᠨᠣᠮ ᠪᠢᠴᠢᠭ᠎ᠤᠨ᠎ᠪᠠᠷ ᠬᠡᠪᠯᠡᠯ ᠨᠡᠢᠭᠡᠮ᠎ᠦᠨ ᠤᠯᠠᠷᠢᠯ ᠬᠤᠪᠢᠷᠠᠯ᠎ᠤᠨ ᠨᠠᠨᠳᠢᠨ ᠠᠭᠱᠠᠨ᠎ᠢ ᠬᠤᠷᠢᠶᠠᠩᠭᠤᠢᠯᠠᠨ ᠳᠡᠮᠳᠡᠭᠯᠡᠵᠦ᠂ ᠱᠢᠨ᠎ᠡ ᠳᠤᠮᠳᠠᠳᠤ ᠤᠯᠤᠰ᠎ᠤᠨ 70 ᠵᠢᠯ᠎ᠤᠨ ᠬᠡᠷᠡᠯ ᠰᠠᠴᠤᠷᠠᠩᠭᠤᠢ ᠬᠦᠭᠵᠢᠯᠳᠠ᠎ᠶᠢᠨ ᠵᠠᠮ᠎ᠢ ᠳᠤᠰᠭᠠᠨ ᠬᠠᠷᠠᠭᠤᠯᠵᠦ ᠪᠠᠢᠨ᠎ᠠ》᠁ ᠦᠵᠡᠭᠴᠢᠳ ᠤᠯᠠᠨ ᠦᠵᠡᠯᠳᠡ ᠪᠣᠳᠤᠯ᠎ᠢᠶᠠᠨ ᠠᠭᠤᠳᠠᠯᠤᠨ᠎ᠠ᠃

   《1958 ᠣᠨ᠎ᠳᠤ ᠳᠤᠮᠳᠠᠳᠤ ᠤᠯᠤᠰ᠎ᠤᠨ ᠡᠷᠳᠡᠨ᠎ᠤ ᠨᠣᠮ ᠪᠢᠴᠢᠭ᠎ᠢ ᠡᠮᠬᠢᠯᠡᠨ ᠬᠡᠪᠯᠡᠭᠦᠯᠬᠦ ᠠᠩᠬᠠᠳᠠᠭᠴᠢ ᠴᠢᠬᠤᠯᠠ ᠶᠡᠬᠡ ᠳᠦᠯᠦᠪᠵᠢᠬᠦᠯᠬᠡ᠎ᠶᠢ ᠬᠡᠷᠡᠭᠵᠢᠭᠦᠯᠦᠭᠰᠡᠨ᠎ᠡᠴᠡ ᠨᠠᠭᠠᠱᠢ ᠲᠤᠰ ᠳᠦᠯᠦᠪᠵᠢᠬᠦᠯᠬᠡ᠎ᠶᠢᠨ ᠵᠢᠯᠤᠭᠤᠳᠤᠯᠭ᠎ᠠ ᠳᠣᠤᠷ᠎ᠠ ᠬᠡᠪᠯᠡᠭᠦᠯᠦᠭᠰᠡᠨ ᠤᠯᠠᠨ ᠪᠦᠳᠦᠬᠡᠯ᠎ᠦ᠋ᠳ᠎ᠢ ᠡᠨᠳᠡ ᠳᠤᠳᠤᠷᠬᠠᠢ ᠤᠯᠵᠦ ᠬᠠᠷᠠᠵᠦ ᠪᠣᠯᠤᠨ᠎ᠠ᠃ 》 《ᠡᠷᠲᠡᠨ᠎ᠦ ᠨᠣᠮ ᠪᠢᠴᠢᠭ᠎ᠤᠨ ᠡᠮᠬᠢᠯᠡᠯ᠎ᠦᠨ᠎ᠪᠠᠷ ᠬᠡᠪᠯᠡᠯ》᠂ 《ᠨᠡᠢᠭᠡᠮ᠎ᠦᠨ ᠱᠢᠨᠵᠢᠯᠡᠬᠦ ᠤᠬᠠᠭᠠᠨ᠎ᠤ ᠨᠣᠮ ᠪᠢᠴᠢᠭ᠎ᠤᠨ᠎ᠪᠠᠷ ᠬᠡᠪᠯᠡᠯ》᠎ᠦᠨ ᠦᠵᠡᠭᠦᠯᠭᠡ᠎ᠶᠢᠨ ᠳᠤᠭᠤᠷᠢᠭ᠎ᠲᠤ ᠵᠦᠩᠬᠤᠸᠠ ᠨᠣᠮ᠎ᠤᠨ ᠳᠤᠪᠴᠢᠶᠠᠨ᠎ᠤ ᠶᠡᠷᠦᠩᠬᠡᠢ ᠳᠠᠭᠠᠭᠠᠮᠠᠯ ᠱᠢᠤᠢ ᠵᠢᠶᠦ᠋ᠨ ᠠᠩᠬᠠᠷᠤᠯᠳᠠᠢᠬᠠᠨ ᠲᠣᠭᠤᠷᠢᠨ ᠦᠵᠡᠵᠦ ᠪᠠᠢᠯ᠎ᠠ᠃ ᠡᠷᠳᠡᠨ᠎ᠤ ᠨᠣᠮ ᠪᠢᠴᠢᠭ᠎ᠤᠨ ᠦᠵᠡᠭᠦᠯᠭᠡ᠎ᠶᠢᠨ ᠳᠤᠭᠤᠷᠢᠭ᠎ᠤᠨ ᠨᠢᠭᠡ ᠲᠠᠯ᠎ᠠ᠎ᠶᠢᠨ ᠬᠡᠷᠡᠮ᠎ᠳᠤ ᠥᠪᠴᠢ᠎ᠪᠡᠷ᠎ᠨᠢ 《ᠬᠣᠷᠢᠨ ᠳᠥᠷᠪᠡᠨ ᠲᠡᠦᠬᠡ》᠎ᠶᠢᠨ ᠡᠯ᠎ᠡ᠎ᠪᠡᠷ᠎ᠦᠨ ᠬᠡᠪᠯᠡᠯ᠎ᠢ ᠦᠷᠦᠵᠦ᠂ ᠨᠡᠢᠭᠡᠮ᠎ᠦᠨ ᠱᠢᠨᠵᠢᠯᠡᠭᠡᠨ᠎ᠦ ᠦᠵᠡᠭᠦᠯᠭᠡ᠎ᠶᠢᠨ ᠳᠤᠭᠤᠷᠢᠭ᠎ᠲᠤ 《ᠵᠠᠰᠠᠭ ᠲᠣᠷ ᠳᠤᠰᠠᠯᠠᠬᠤ ᠨᠡᠪᠳᠡᠷᠬᠡᠢ ᠳᠤᠯᠢ》 ᠵᠢᠴᠢ ᠬᠠᠮᠤᠭ᠎ᠤᠨ ᠠᠩᠬᠠᠨ᠎ᠤ 《ᠰᠦᠩ ᠤᠯᠤᠰ᠎ᠤᠨ ᠪᠦᠷᠢᠨ ᠳᠠᠭᠤᠯᠠᠯ》᠂ 《ᠲᠠᠩ ᠤᠯᠤᠰ᠎ᠤᠨ ᠪᠦᠷᠢᠨ ᠱᠢᠯᠦᠭ》᠂ 《ᠶᠠᠰᠤᠨ ᠪᠢᠴᠢᠭ᠎ᠤᠨ ᠳᠡᠬᠦᠪᠦᠷᠢ》 ᠵᠡᠷᠭᠡ᠎ᠶᠢ ᠳᠡᠯᠭᠡᠵᠦ ᠪᠠᠢᠯ᠎ᠠ᠁ 《ᠳᠤᠮᠳᠠᠳᠤ ᠤᠯᠤᠰ᠎ᠤᠨ ᠤᠯᠠᠮᠵᠢᠯᠠᠯᠳᠤ ᠰᠣᠶᠤᠯ᠎ᠤᠨ ᠨᠣᠮ ᠪᠢᠴᠢᠭ᠎ᠦ᠋ᠳ ᠪᠦᠬᠦᠨ᠎ᠢᠶᠡᠷ᠎ᠢᠶᠡᠨ ᠡᠨᠳᠡ ᠳᠡᠯᠭᠡᠭᠳᠡᠵᠦ ᠪᠠᠢᠨ᠎ᠠ》 ᠬᠡᠵᠦ ᠱᠢᠤᠢ ᠵᠢᠶᠦ᠋ᠨ ᠶᠠᠷᠢᠬᠤ᠎ᠶᠢᠨ ᠳᠠᠭᠠᠤ ᠬᠡᠪᠯᠡᠯᠴᠢᠳ᠎ᠦᠨ ᠠᠵᠢᠯ᠎ᠤᠨ ᠦᠨ᠎ᠡ ᠥᠷᠲᠡᠭ᠎ᠢ ᠥᠨᠳᠦᠷ ᠦᠨᠡᠯᠡᠵᠦ ᠪᠠᠢᠯ᠎ᠠ᠃

 

  ᠤᠩᠱᠢᠭᠴᠢᠳ ᠬᠡᠪᠯᠡᠭᠳᠡᠬᠦᠨ᠎ᠢᠶᠠᠷ ᠳᠠᠮᠵᠢᠭᠠᠳ ᠤᠢ ᠰᠠᠭᠤᠭᠳᠠᠯ᠎ᠢᠶᠠᠨ ᠡᠷᠢᠨ ᠤᠯᠵᠦ ᠴᠢᠳᠠᠨ᠎ᠠ

  1.2 ᠳᠦᠮᠡ ᠭᠠᠷᠤᠢ ᠨᠣᠮ ᠪᠢᠴᠢᠭ᠎ᠤᠨ᠎ᠪᠠᠷ ᠬᠡᠪᠯᠡᠯ ᠳᠤᠮᠳᠠᠳᠤ᠎ᠶᠢᠨ ᠰᠣᠶᠤᠯ᠎ᠢ ᠤᠯᠠᠮᠯᠠᠨ᠂ ᠳᠤᠮᠳᠠᠳᠤ᠎ᠶᠢᠨ ᠦᠯᠢᠭᠡᠷ᠎ᠢ ᠪᠢᠴᠢᠭᠯᠡᠵᠦ᠂ ᠬᠡᠳᠦᠨ ᠦᠶ᠎ᠡ᠎ᠶᠢᠨ ᠬᠥᠮᠦᠰ᠎ᠦᠨ ᠤᠢ ᠳᠤᠷᠠᠰᠤᠮᠵᠢ᠎ᠶᠢ ᠠᠴᠢᠶᠠᠯᠠᠨ ᠪᠤᠢ᠂ ᠮᠦᠨ᠎ᠴᠤ ᠳᠤᠮᠳᠠᠳᠤ ᠤᠯᠤᠰ᠎ᠤᠨ ᠬᠡᠪᠯᠡᠯ᠎ᠦᠨ ᠦᠢᠯᠡᠰ᠎ᠦᠨ 70 ᠵᠢᠯ᠎ᠤᠨ ᠲᠤᠷᠱᠢ ᠰᠣᠶᠤᠯ᠎ᠤᠨ ᠬᠦᠴᠦᠷᠬᠡᠭ ᠤᠯᠤᠰ᠎ᠢ ᠪᠠᠢᠭᠤᠯᠬᠤ᠎ᠳᠤ ᠦᠵᠡᠭᠦᠯᠦᠭᠰᠡᠨ ᠬᠤᠪᠢ ᠨᠡᠮᠡᠷᠢ᠎ᠶᠢ ᠳᠡᠮᠳᠡᠭᠯᠡᠨ ᠦᠵᠡᠭᠦᠯᠵᠦ ᠪᠠᠢᠨ᠎ᠠ᠃

  ᠦᠵᠡᠭᠦᠯᠭᠡ᠎ᠶᠢᠨ ᠳᠠᠢᠰᠠᠨ᠎ᠳᠤ ᠳᠠᠯᠪᠢᠭᠠᠰᠤᠳᠠᠢ 《ᠱᠢᠨᠬᠤᠸᠠ ᠳᠤᠯᠢ ᠪᠢᠴᠢᠭ》᠎ᠤᠨ 11 ᠎ᠪᠡᠷ ᠬᠡᠪᠯᠡᠯ᠎ᠢ ᠬᠠᠷᠠᠭᠠᠳ ᠱᠠᠩ ᠡᠤ ᠨᠣᠮ ᠬᠡᠪᠯᠡᠬᠦ ᠭᠠᠵᠠᠷ᠎ᠤᠨ ᠶᠡᠷᠦᠩᠬᠡᠢ ᠳᠠᠭᠠᠭᠠᠮᠠᠯ ᠢᠤᠢ ᠳ᠋ᠢᠶᠠᠨ ᠯᠢ᠄ 《〈 ᠱᠢᠨᠬᠤᠸᠠ ᠳᠤᠯᠢ ᠪᠢᠴᠢᠭ〉᠎ᠤᠨ ᠬᠡᠪᠯᠡᠯ ᠪᠦᠷᠢ᠎ᠨᠢ ᠨᠢᠭᠡᠨ ᠴᠠᠭ ᠦᠶ᠎ᠡ᠎ᠶᠢᠨ ᠬᠤᠪᠢᠷᠠᠯᠳᠠ᠎ᠶᠢ ᠳᠡᠮᠳᠡᠭᠯᠡᠵᠦ ᠪᠠᠢᠬᠤ ᠮᠦᠷᠳᠡᠬᠡᠨ ᠰᠣᠶᠤᠯ᠎ᠤᠨ ᠬᠦᠭᠵᠢᠯᠳᠠ ᠪᠠ ᠨᠡᠢᠭᠡᠮ᠎ᠦᠨ ᠭᠤᠸ᠎ᠠ ᠳᠠᠭᠠᠱᠢᠶᠠᠯ᠎ᠤᠨ ᠬᠤᠪᠢᠷᠠᠯᠳᠠ᠎ᠶᠢ ᠬᠠᠷᠠᠭᠤᠯᠵᠦ ᠪᠠᠢᠳᠠᠭ》 ᠭᠡᠵᠦ ᠳᠠᠢᠪᠤᠭᠤᠬᠠᠨ ᠶᠠᠷᠢᠪᠠ᠃

   《ᠦᠵᠡᠭᠦᠯᠭᠡ᠎ᠶᠢᠨ ᠲᠥᠷᠦᠯ ᠵᠦᠢᠯ ᠦᠯᠡᠮᠵᠢ ᠪᠥᠭᠡᠳ ᠪᠦᠷᠢᠨ᠃ 》 ᠡᠨᠳᠡ ᠳᠡᠯᠬᠡᠬᠡᠰᠦᠳᠡᠢ ᠨᠣᠮ᠎ᠡᠴᠡ ᠶᠠᠮᠠᠷ᠎ᠴᠤ ᠦᠵᠡᠭᠴᠢᠳ ᠥᠪᠡᠷ᠎ᠦᠨ ᠲᠡᠷᠡ ᠴᠠᠭ ᠦᠶ᠎ᠡ᠎ᠶᠢᠨ᠎ᠢᠶᠠᠨ ᠰᠣᠩᠭᠤᠳᠠᠭ ᠨᠣᠮ᠎ᠢ ᠡᠷᠢᠨ ᠤᠯᠵᠦ ᠴᠢᠳᠠᠨ᠎ᠠ᠃ 《ᠬᠡᠪᠯᠡᠭᠳᠡᠬᠦᠨ᠎ᠢᠶᠡᠷ ᠳᠠᠮᠵᠢᠨ ᠤᠩᠱᠢᠭᠴᠢᠳ᠎ᠲᠤ ᠥᠪᠡᠷ᠎ᠦᠨ ᠬᠢᠨᠢ ᠳᠤᠷᠠᠰᠤᠮᠵᠢ ᠰᠠᠭᠤᠭᠳᠠᠯ᠎ᠢ ᠤᠯᠤᠭᠤᠯᠵᠦ ᠴᠢᠳᠠᠳᠠᠭ᠎ᠨᠢ ᠨᠢᠭᠡᠨ ᠬᠡᠪᠯᠡᠯᠴᠢᠨ᠎ᠦ ᠤᠩᠱᠢᠭᠴᠢᠳ᠎ᠢ ᠳᠡᠭᠡᠳᠦᠯᠡᠵᠦ ᠪᠠᠢᠭ᠎ᠠ᠎ᠶᠢᠨ ᠢᠯᠡᠷᠡᠯ ᠮᠦᠨ》 ᠭᠡᠵᠦ ᠳᠤᠮᠳᠠᠳᠤ ᠤᠯᠤᠰ᠎ᠤᠨ ᠬᠡᠪᠯᠡᠯ᠎ᠦᠨ ᠮᠦᠽᠧᠢ᠎ᠶᠢᠨ ᠳᠠᠷᠤᠭ᠎ᠠ ᠰᠦᠨ ᠪᠤᠤ ᠯᠢᠨ ᠶᠠᠷᠢᠪᠠ᠃

   《ᠪᠤᠮᠠᠨ ᠡᠷᠳᠡᠨᠢ᠎ᠶᠢᠨ ᠳᠦᠯᠬᠢᠬᠦᠷ》 ᠬᠡᠭᠦ ᠨᠣᠮ᠎ᠤᠨ ᠬᠠᠮᠤᠭ᠎ᠤᠨ ᠡᠷᠲᠡᠨ᠎ᠦ ᠬᠡᠪᠯᠡᠯ ᠪᠣᠯᠤᠨ ᠡᠷᠲᠡ ᠦᠶ᠎ᠡ᠎ᠶᠢᠨ ᠦᠷᠭᠦᠯᠵᠢᠯᠡᠭᠰᠡᠨ ᠵᠢᠷᠤᠭᠳᠤ ᠳᠡᠪᠲᠡᠷ᠎ᠦᠨ ᠬᠡᠪᠯᠡᠯ᠎ᠢ ᠦᠵᠡᠭᠡᠳ ᠰᠤᠷᠤᠯᠴᠠᠯᠭ᠎ᠠ ᠬᠡᠪᠯᠡᠯ᠎ᠦᠨ ᠬᠣᠷᠢᠶᠠᠨ᠎ᠤ ᠳᠠᠷᠤᠭ᠎ᠠ ᠳ᠋ᠦᠩ ᠵᠢᠶᠦ᠋ᠨ ᠱᠠᠨ ᠬᠡᠯᠡᠭᠰᠡᠨ᠎ᠨᠢ᠂ ᠡᠨᠡ ᠪᠣᠯ ᠬᠣᠪᠤᠷᠬᠠᠨ ᠳᠤᠬᠢᠶᠠᠯᠳᠤᠳᠠᠭ ᠰᠤᠷᠤᠯᠴᠠᠬᠤ ᠳᠣᠬᠢᠶᠠᠯ ᠪᠣᠯᠤᠨ᠎ᠠ᠂ ᠦᠵᠡᠭᠦᠯᠭᠡ᠎ᠳᠤ ᠱᠢᠨ᠎ᠡ ᠳᠤᠮᠳᠠᠳᠤ ᠤᠯᠤᠰ᠎ᠤᠨ 70 ᠵᠢᠯ᠎ᠤᠨ ᠲᠤᠷᠱᠢᠬᠢ ᠡᠯ᠎ᠡ ᠬᠦᠷᠢᠶ᠎ᠡ ᠴᠠᠷᠠᠭᠠᠨ᠎ᠤ ᠬᠡᠪᠯᠡᠯ᠎ᠦᠨ ᠦᠷ᠎ᠡ ᠪᠦᠳᠦᠬᠡᠯ᠎ᠢ ᠤᠯᠠᠨ᠎ᠳᠤ ᠳᠡᠯᠭᠡᠨ ᠦᠵᠡᠭᠦᠯᠪᠡ᠂ ᠡᠨᠡ᠎ᠨᠢ ᠣᠳᠤᠬᠠᠨ᠎ᠳᠤ ᠤᠯᠠᠮᠵᠢᠯᠠᠨ ᠳᠡᠯᠭᠡᠷᠡᠭᠦᠯᠬᠦ ᠪᠠ ᠤᠩᠱᠢᠨ ᠰᠣᠨᠢᠷᠬᠠᠬᠤ ᠦᠨ᠎ᠡ ᠥᠷᠲᠡᠭ᠎ᠲᠠᠢ ᠵᠦᠢᠯ ᠪᠣᠯᠬᠤ᠎ᠶᠤᠮ᠃ ᠡᠨᠡ ᠤᠳᠠᠭᠠᠨ᠎ᠤ ᠦᠵᠡᠭᠦᠯᠭᠡ᠎ᠡᠴᠡ ᠣᠯᠤᠭᠰᠠᠨ ᠲᠥᠷᠦᠭᠳᠡᠯ ᠭᠡᠪᠡᠯ᠂ ᠡᠭᠦᠨ᠎ᠡᠴᠡ ᠬᠣᠢᠱᠢᠳᠠ ᠡᠬᠢ ᠪᠠᠶᠠᠯᠢᠭ᠎ᠢ ᠤᠯᠠᠮ ᠭᠦᠨᠵᠡᠭᠡᠢ ᠠᠭᠤᠳᠠᠯᠠᠨ ᠮᠠᠯᠳᠠᠵᠦ᠂ ᠳᠡᠷᠢᠬᠦᠨ᠎ᠦ ᠰᠣᠶᠤᠯ᠎ᠢ ᠨᠡᠩ ᠰᠠᠢᠨ ᠤᠯᠠᠮᠵᠢᠯᠠᠨ ᠳᠡᠯᠭᠡᠷᠡᠭᠦᠯᠪᠡᠯ ᠵᠣᠬᠢᠨ᠎ᠠ᠃

   《ᠡᠨᠳᠡ᠎ᠡᠴᠡ ᠪᠢᠳᠡ ᠳᠤᠮᠳᠠᠳᠤ ᠤᠯᠤᠰ᠎ᠤᠨ ᠬᠡᠪᠯᠡᠯ᠎ᠦᠨ ᠦᠢᠯᠡᠰ᠎ᠦᠨ ᠬᠦᠭᠵᠢᠯᠳᠠ᠎ᠶᠢᠨ ᠵᠠᠮ ᠮᠥᠷ᠎ᠢ ᠤᠯᠵᠦ ᠬᠠᠷᠠᠨ᠎ᠠ᠃ ᠠᠷᠠᠳ ᠳᠦᠮᠡᠨ᠎ᠦ ᠰᠠᠢᠨ ᠰᠠᠢᠬᠠᠨ ᠠᠮᠢᠳᠤᠷᠠᠯ᠎ᠤᠨ ᠬᠡᠷᠡᠭᠴᠡᠭᠡ᠎ᠶᠢ ᠬᠠᠩᠭᠠᠬᠤ ᠶᠠᠪᠤᠴᠠ᠎ᠳᠤ ᠨᠡᠩ ᠱᠢᠯᠢᠳᠡᠭ ᠣᠶᠤᠨ᠎ᠤ ᠬᠦᠨᠡᠰᠦ᠎ᠶᠢ ᠬᠦᠷᠳᠡᠭᠡᠬᠦ᠎ᠨᠢ ᠬᠡᠪᠯᠡᠯᠴᠢᠳ᠎ᠦᠨ ᠬᠠᠷᠢᠭᠤᠴᠠᠯᠭ᠎ᠠ ᠪᠠ ᠡᠭᠦᠷᠭᠡᠯᠡᠯ ᠪᠤᠯᠵᠦ ᠪᠠᠢᠨ᠎ᠠ》 ᠬᠡᠵᠦ ᠳᠤᠮᠳᠠᠳᠤ ᠤᠯᠤᠰ᠎ᠤᠨ ᠠᠷᠠᠳ᠎ᠤᠨ ᠶᠡᠬᠡ ᠰᠤᠷᠭᠠᠭᠤᠯᠢ᠎ᠶᠢᠨ ᠬᠡᠪᠯᠡᠯ᠎ᠦᠨ ᠬᠣᠷᠢᠶᠠᠨ᠎ᠤ ᠳᠠᠷᠤᠭ᠎ᠠ ᠯᠢ ᠶᠦᠩ ᠴᠢᠶᠠᠩ ᠶᠠᠷᠢᠪᠠ᠃ ᠲᠡᠭᠦᠨ᠎ᠦ ᠦᠵᠡᠬᠦ᠎ᠪᠡᠷ᠂ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ ᠤᠢ᠎ᠶᠢ ᠪᠡᠯᠭᠡᠯᠡᠬᠦ ᠳᠠᠱᠢᠷᠠᠮ᠎ᠢᠶᠠᠷ ᠬᠡᠪᠯᠡᠯ᠎ᠦᠨ ᠡᠳᠡᠭᠡᠳ᠎ᠤᠨ ᠬᠢᠨ ᠡᠢᠮᠦ ᠬᠡᠯᠪᠡᠷᠢ᠎ᠪᠡᠷ ᠠᠮᠵᠢᠯᠳᠠ ᠪᠦᠳᠦᠮᠵᠢ᠎ᠪᠡᠨ ᠳᠡᠯᠭᠡᠨ ᠦᠵᠡᠭᠦᠯᠦᠭᠰᠡᠨ᠎ᠨᠢ ᠬᠡᠪᠯᠡᠯᠴᠢᠳ᠎ᠲᠦ ᠥᠪᠡᠷ᠎ᠦᠨ ᠡᠷᠬᠡ᠎ᠦᠭᠡᠢ ᠤᠮᠤᠭᠱᠢᠯᠳᠤ ᠰᠡᠳᠭᠢᠯᠭᠡ ᠳᠦᠷᠦᠭᠳᠡᠭᠦᠯᠵᠦ ᠪᠠᠢᠨ᠎ᠠ᠃

  ᠦᠵᠡᠭᠦᠯᠭᠡ᠎ᠨᠢ ᠰᠣᠩᠭᠤᠳᠠᠭ᠎ᠪᠡᠷ ᠬᠡᠪᠯᠡᠯ᠎ᠦᠨ ᠱᠢᠳᠢᠳᠦ ᠬᠦᠴᠦᠨ᠎ᠢ ᠠᠮᠢᠳᠤᠯᠢᠭ ᠰᠠᠢᠬᠠᠨ ᠢᠯᠡᠷᠡᠭᠦᠯᠵᠦ᠂ ᠡᠳᠡᠭᠡᠷ᠎ᠪᠠᠷ ᠬᠡᠪᠯᠡᠯ᠎ᠨᠢ ᠱᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ 70 ᠵᠢᠯ᠎ᠤᠨ ᠳᠤᠷᠱᠢᠬᠢ ᠨᠣᠮ ᠪᠢᠴᠢᠭ᠎ᠤᠨ᠎ᠪᠠᠷ ᠬᠡᠪᠯᠡᠯ᠎ᠦᠨ ᠤᠯᠠᠷᠢᠯ ᠬᠤᠪᠢᠷᠠᠯ᠂ ᠬᠥᠭᠵᠢᠯ ᠪᠠᠳᠠᠷᠠᠯ᠂ ᠰᠣᠶᠤᠯ᠎ᠤᠨ ᠴᠡᠴᠡᠭᠯᠡᠯ᠂ ᠤᠯᠤᠰ᠎ᠤᠨ ᠳᠠᠪᠱᠢᠯᠳᠠ ᠬᠤᠷᠢᠶᠠᠩᠭᠤᠢ ᠳᠦᠷᠰᠦ ᠪᠤᠯᠵᠦ᠂ ᠱᠢᠨ᠎ᠡ ᠴᠠᠭ ᠦᠶ᠎ᠡ᠎ᠶᠢᠨ ᠬᠡᠪᠯᠡᠯ᠎ᠦᠨ ᠦᠢᠯᠡᠰ᠎ᠦᠨ ᠱᠢᠨ᠎ᠡ᠎ᠶᠢ ᠡᠭᠦᠳᠦᠨ ᠴᠢᠨᠠᠭᠱᠢᠳᠠ ᠬᠥᠭᠵᠢᠭᠦ᠎ᠶᠢᠨ ᠴᠢᠬᠤᠯᠠ ᠰᠠᠭᠤᠷᠢ ᠪᠣᠯᠵᠠᠢ᠃

  ᠣᠷᠴᠢᠭᠤᠯᠤᠭᠴᠢ᠄ ᠲᠡᠷᠭᠡᠯ

(ᠬᠠᠷᠢᠭᠤᠴᠠᠭᠰᠠᠨ ᠨᠠᠢᠷᠠᠭᠤᠯᠤᠭᠴᠢ : ᠤᠷᠢᠬᠠᠨ)
ᠦᠪᠦᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
ᠬᠡᠪᠯᠡᠯ᠎ᠤᠨ
ᠡᠷᠬᠡ᠎ᠲᠡᠢ
ᠦᠪᠦᠷ
ᠮᠤᠩᠭ᠋ᠤᠯ᠎ᠤᠨ
ᠮᠤᠨᠢ
ᠨᠡᠷᠡᠮᠵᠢᠲᠦ
ᠰᠤᠶᠤᠯ᠎ᠤᠨ
ᠵᠠᠭᠤᠴᠢ
ᠪᠦᠷᠢᠨ
ᠪᠤᠰᠤ
ᠬᠠᠷᠢᠭᠤᠴᠠᠯᠭᠠᠳᠤ
ᠺᠤᠮᠫᠠᠨᠢ
ᠲᠦᠰᠦᠪᠯᠡᠨ
ᠦᠢᠯᠡᠳᠪᠡ
ᠬᠠᠶᠢ᠍ᠭ᠄
ᠦᠪᠦᠷ
ᠮᠤᠩᠭ᠋ᠤᠯ᠎ᠤᠨ
ᠦᠪᠡᠷᠲᠡᠭᠡᠨ
ᠵᠠᠰᠠᠬᠤ
ᠤᠷᠤᠨ᠎ᠤ
ᠬᠦᠬᠡᠬᠤᠳᠠ᠎ᠵᠢᠨ ᠰᠢᠨ᠎ᠡ
ᠬᠤᠲᠠ
ᠲᠤᠭᠤᠷᠢᠭ᠎ᠤᠨ
ᠰᠢᠨᠬᠤᠸᠠ
ᠵᠡᠬᠦᠨ
ᠵᠡᠭᠡᠯᠢ᠎ᠵᠢᠨ
89ᠨᠤᠮᠧᠷ
ᠦᠪᠤᠷ
ᠮᠤᠩᠭ᠋ᠤᠯ᠎ᠤᠨ
ᠬᠡᠪᠯᠡᠯ᠎ᠤᠨ
ᠪᠦᠯᠦᠭᠯᠡᠯ
蒙ICP 备0500604